ᠮᠠᠨ ᠤ ᠣᠷᠣᠨ ᠤᠯᠤᠰ ᠤᠨ ᠰᠢᠯᠢᠳᠡᠭ ᠲᠧᠯᠸᠢᠰ ᠵᠦᠴᠦᠭᠡ ᠶᠢ ᠮᠣᠩᠭᠤᠯ ᠢᠶᠠᠷ ᠣᠷᠴᠢᠭᠤᠯᠤᠨ ᠦᠢᠯᠡᠳᠬᠦ ᠠᠵᠢᠯ ᠢ ᠢᠳᠡᠪᠬᠢᠲᠡᠢ ᠠᠬᠢᠭᠤᠯᠵᠤ ᠪᠣᠢ
ᠨᠡᠶᠢᠲᠡᠯᠡᠭᠰᠡᠨ ᠴᠠᠭ᠄
2025/1/3
          ᠮᠠᠨ ᠤ ᠣᠷᠣᠨ ᠤ ︽ᠮᠣᠩᠭᠤᠯ ᠤᠯᠤᠰ ᠤᠨ ︿ᠲᠧᠯᠸᠢᠰ ᠤᠨ ᠬᠥᠰᠢᠭᠡᠨ ᠳᠠᠬᠢ ᠳᠤᠮᠳᠠᠳᠤ ᠤᠯᠤᠰ ᠤᠨ ᠲᠢᠶᠠᠲᠷ﹀︾ ᠨᠢ ᠷᠠᠳᠢᠣ᠋ ᠲᠧᠯᠸᠢᠰ ᠤᠨ ᠶᠡᠷᠦᠩᠬᠡᠢ ᠲᠣᠪᠴᠢᠶᠠᠨ ᠤ 2023 ᠣᠨ ᠪᠠ 2024 ᠣᠨ ᠤ ︽ᠲᠧᠯᠸᠢᠰ ᠤᠨ ᠬᠥᠰᠢᠭᠡᠨ ᠳᠠᠬᠢ ᠳᠤᠮᠳᠠᠳᠤ ᠤᠯᠤᠰ ᠤᠨ ᠲᠢᠶᠠᠲᠷ︾ ᠤᠨ ᠲᠡᠳᠬᠦᠨ ᠳᠡᠮᠵᠢᠬᠦ ᠲᠥᠷᠥᠯ ᠵᠦᠢᠯ ᠳᠤ ᠰᠣᠩᠭᠤᠭᠳᠠᠵᠤ᠂ ᠲᠣᠰ ᠲᠣᠰ 170 ᠲᠦᠮᠡᠨ ᠲᠥᠭᠦᠷᠢᠭ ᠤᠨ ᠪᠠ 190 ᠲᠦᠮᠡᠨ ᠲᠥᠭᠦᠷᠢᠭ ᠤᠨ ᠲᠡᠳᠬᠦᠮᠵᠢ ᠶᠢᠨ ᠮᠥᠩᠭᠦ ᠶᠢ ᠭᠥᠷᠳᠡᠪᠡ᠃ ᠮᠠᠨ ᠤ ᠣᠷᠣᠨ ᠤ ᠣᠷᠴᠢᠭᠤᠯᠤᠨ ᠦᠢᠯᠡᠳᠦᠭᠰᠡᠨ ︽ᠰᠢᠶᠠᠨ ᠤ ᠨᠠᠮ ᠤᠨ ᠬᠤᠷᠢᠶᠠᠨ ᠤ ᠲᠣᠮᠣ ᠬᠦᠷᠢᠶ᠎ᠡ︾᠂ ︽ᠰᠡᠬᠡᠭᠡᠷᠡᠭᠰᠡᠨ ᠣᠨ ᠵᠢᠯ ᠤᠳ︾ ᠵᠡᠷᠭᠡ ᠳᠤᠮᠳᠠᠳᠤ ᠤᠯᠤᠰ ᠤᠨ ᠰᠢᠯᠢᠳᠡᠭ ᠲᠧᠯᠸᠢᠰ ᠵᠦᠴᠦᠭᠡ ᠨᠦᠭᠦᠳ ᠢ ᠮᠣᠩᠭᠤᠯ ᠤᠯᠤᠰ ᠤᠨ ᠭᠤᠣᠯ ᠵᠠᠭᠤᠴᠢᠯᠠᠭᠤᠷ ᠢᠶᠠᠷ ᠨᠡᠪᠲᠡᠷᠡᠭᠦᠯᠪᠡ᠃ ᠮᠣᠩᠭᠤᠯ ᠤᠯᠤᠰ ᠤᠨ ᠬᠠᠷᠢᠯᠴᠠᠭ᠎ᠠ ᠬᠤᠯᠪᠣᠭᠠᠨ ᠤ ᠵᠣᠬᠢᠴᠠᠭᠤᠯᠬᠤ ᠬᠤᠷᠢᠶ᠎ᠠ ᠶᠢᠨ ︽2023 ᠣᠨ ᠤ ᠷᠠᠳᠢᠣ᠋᠂ ᠲᠧᠯᠸᠢᠰ ᠤᠨ ᠨᠡᠪᠲᠡᠷᠡᠭᠦᠯᠭᠡ ᠶᠢᠨ ᠲᠠᠶᠢᠯᠤᠨ︾ ᠤ ᠪᠦᠷᠢᠳᠬᠡᠯ ᠤᠨ ᠲᠤᠭ᠎ᠠ ᠪᠠᠷᠢᠮᠲᠠ ᠶᠢ ᠦᠨᠳᠦᠰᠦᠯᠡᠪᠡᠯ᠂ 2023 ᠣᠨ ᠤ ᠮᠣᠩᠭᠤᠯ ᠤᠯᠤᠰ ᠤᠨ ᠲᠧᠯᠸᠢᠰ ᠬᠤᠷᠢᠶᠠᠨ ᠤ ᠨᠡᠪᠲᠡᠷᠡᠭᠦᠯᠦᠭᠰᠡᠨ ᠭᠠᠳᠠᠭᠠᠳᠤ ᠠᠴᠠ ᠣᠷᠣᠭᠤᠯᠤᠭᠰᠠᠨ ᠵᠦᠴᠦᠭᠡ ᠳᠤ᠂ ᠳᠤᠮᠳᠠᠳᠤ ᠤᠯᠤᠰ ᠤᠨ ᠵᠦᠴᠦᠭᠡ ᠶᠢ ᠨᠡᠪᠲᠡᠷᠡᠭᠦᠯᠦᠭᠰᠡᠨ ᠨᠣᠷᠮ᠎ᠠ 35% ᠳᠤ ᠬᠦᠷᠴᠦ᠂ ᠨᠢᠭᠡᠳᠦᠭᠡᠷ ᠪᠠᠶᠢᠷᠢᠨ ᠳᠤ ᠣᠷᠣᠭᠰᠠᠨ ᠪᠠᠶᠢᠨ᠎ᠠ᠃ ︵ᠷᠠᠳᠢᠣ᠋ ᠲᠧᠯᠸᠢᠰ ᠤᠨ ᠲᠣᠪᠴᠢᠶ᠎ᠠ︶
ᠢᠷᠡᠯᠲᠡ᠄ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ