2025 ᠣᠨ ᠬᠥᠬᠡᠭᠴᠢᠨ ᠮᠣᠭᠠᠶ ᠵᠢᠯ 19 ᠡᠳᠦᠷ ᠳᠤᠲᠠᠭᠤ ᠪᠠᠶᠢᠵᠤ᠂ ᠨᠡᠶᠢᠲᠡ ᠶᠢᠨ ᠣᠨ ᠲᠣᠭᠠᠯᠠᠯ ᠤᠨ 2025 ᠣᠨ ᠳᠤ 365 ᠡᠳᠦᠷ ᠲᠠᠢ᠂ | ᠤᠳᠠᠯ ᠥᠬᠡᠶ ᠬᠦᠷᠴᠦ ᠢᠷᠡᠬᠦ ᠭᠡᠵᠦ ᠪᠠᠶᠢᠭ᠎ᠠ ᠪᠢᠯᠢᠭ ᠤᠨ ᠤᠯᠠᠷᠢᠯ ᠤᠨ ᠬᠥᠬᠡᠭᠴᠢᠨ ᠮᠣᠭᠠᠶ ᠵᠢᠯ ᠤᠨ ᠪᠥᠬᠦ ᠵᠢᠯ ᠳᠤ 384 ᠡᠳᠦᠷ ᠠᠴᠠ ᠣᠬᠤᠷ ᠶᠤᠮ᠃ | 2024 ᠣᠨ ᠤ ᠪᠥᠬᠦ ᠵᠢᠯ ᠳᠤ 366 ᠡᠳᠦᠷ ᠲᠠᠢ ᠪᠠᠶᠢᠵᠤ᠂ ᠬᠥᠬᠡ ᠯᠣᠣ ᠵᠢᠯ ᠤᠨ 354 ᠡᠳᠦᠷ ᠠᠴᠠ ᠣᠷᠳᠣ ᠶᠤᠮ᠃ | ︽ᠠᠷᠭ᠎ᠠ ᠶᠢᠨ ᠤᠯᠠᠷᠢᠯ᠂ ᠪᠢᠯᠢᠭ ᠤᠨ ᠤᠯᠠᠷᠢᠯ ᠤᠨ ᠵᠢᠯ ᠪᠦᠷᠢ ᠶᠢᠨ ︿ᠴᠠᠭ ᠤᠨ ᠵᠥᠷᠢᠶ᠎ᠡ﹀ ᠨᠢ ᠠᠳᠠᠯᠢ ᠪᠤᠰᠤ ᠪᠠᠶᠢᠬᠤ ᠨᠢ ᠢᠯᠡᠬᠦᠤ ᠰᠠᠷ᠎ᠠ ᠲᠠᠢ | ᠪᠠᠶᠢᠬᠤ ᠲᠦᠷᠢᠮ ᠲᠠᠢ ᠬᠤᠯᠪᠣᠭ᠎ᠠ ᠲᠠᠢ︾ ᠭᠡᠵᠦ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠽᠢ ᠶᠢᠨ ᠱᠠᠨ ᠣᠳᠣᠨ ᠣᠷᠣᠨ ᠤ | ᠥᠷᠲᠡᠭᠡ ᠶᠢᠨ ᠰᠢᠨᠵᠢᠯᠡᠬᠦ ᠤᠬᠠᠭᠠᠨ ᠤ ᠲᠦᠭᠡᠮᠡᠯᠵᠢᠭᠦᠯᠦᠯᠲᠡ ᠶᠢᠨ ᠭᠤᠤᠯ ᠬᠠᠮᠢᠶᠠᠷᠤᠭᠴᠢ ᠸᠠᠩ ᠺᠧ ᠴᠤᠤ ᠲᠠᠶᠢᠯᠪᠤᠷᠢᠯᠠᠨ ᠬᠡᠯᠡᠭᠰᠡᠨ ᠢᠶᠠᠨ ᠳᠠᠭᠠᠨ᠂ ᠣᠲᠣ ᠶᠢᠨ | ᠨᠡᠶᠢᠲᠡ ᠶᠢᠨ ᠣᠨ ᠲᠣᠭᠠᠯᠠᠯ ᠪᠣᠯ ᠨᠢᠭᠡ ᠵᠤᠶᠢᠯ ᠤᠨ ᠠᠷᠭ᠎ᠠ ᠶᠢᠨ ᠤᠯᠠᠷᠢᠯ ᠮᠥᠨ᠂ ᠨᠠᠷᠠ ᠬᠤᠶᠠᠷ ᠤᠳᠠᠭ᠎ᠠ ᠳᠠᠷᠠᠭᠠᠯᠠᠨ ᠬᠠᠪᠤᠷ ᠤᠨ ᠬᠤᠭᠤᠰ ᠤᠨ ᠴᠡᠭ ᠢ | ᠥᠩᠭᠡᠷᠡᠬᠦ ᠴᠠᠭ ᠤᠨ ᠵᠠᠶ ᠨᠢ ᠳᠠᠷᠤᠶ ᠨᠢᠭᠡ ᠪᠤᠴᠠᠯᠲᠠ ᠶᠢᠨ ᠵᠢᠯ ᠪᠣᠯᠤᠨ᠎ᠠ᠂ ᠳᠤᠮᠳᠠᠴᠢ ᠣᠷᠳᠣ ᠨᠢ ᠪᠠᠷᠤᠭ 365.2422 ᠡᠳᠦᠷ ᠪᠠᠶᠢᠳᠠᠭ᠃ ᠨᠢᠭᠡ | ᠪᠤᠴᠠᠯᠲᠠ ᠶᠢᠨ ᠵᠢᠯ ᠤᠨ ᠳᠤᠮᠳᠠᠴᠢ ᠣᠷᠳᠣ ᠨᠢ ᠪᠦᠬᠦᠯᠢ ᠲᠤᠭ᠎ᠠ ᠪᠢᠰᠢ ᠤᠴᠢᠷ ᠠᠴᠠ ᠨᠡᠶᠢᠲᠡ ᠶᠢᠨ ᠣᠨ ᠲᠣᠭᠠᠯᠠᠯ ᠤᠨ ᠣᠨ ᠳᠤ ᠡᠩ ᠤᠨ ᠵᠢᠯ ᠪᠠ ᠢᠯᠡᠭᠦᠦ | ᠰᠠᠷ᠎ᠠ ᠲᠠᠢ ᠵᠢᠯ ᠭᠡᠵᠦ ᠲᠤᠬᠢᠷᠠᠭᠤᠯᠪᠠ᠂ ᠡᠩ ᠤᠨ ᠵᠢᠯ 365 ᠡᠳᠦᠷ ᠲᠠᠢ᠂ ᠢᠯᠡᠭᠦᠦ ᠰᠠᠷ᠎ᠠ ᠲᠠᠢ ᠵᠢᠯ 366 ᠡᠳᠦᠷ ᠲᠠᠢ᠃ ᠨᠡᠶᠢᠲᠡ ᠶᠢᠨ ᠣᠨ ᠲᠣᠭᠠᠯᠠᠯ ᠤᠨ | ᠵᠢᠯ ᠳᠤ᠂ 4 ᠳᠤ ᠪᠦᠬᠦᠯᠢ ᠪᠠᠷ ᠬᠤᠪᠢᠶᠠᠭᠳᠠᠬᠤ ᠵᠢᠯ ᠨᠢᠭᠡᠪᠦᠷᠢ ᠨᠢ ᠢᠯᠡᠭᠦᠦ ᠰᠠᠷ᠎ᠠ ᠲᠠᠢ ᠵᠢᠯ ᠪᠣᠯᠤᠨ᠎ᠠ᠂ 2 ᠰᠠᠷ᠎ᠠ ᠶᠢᠨ 29 ᠤ ᠡᠳᠦᠷ ᠬᠡᠬᠦ ᠨᠢᠭᠡ ᠡᠳᠦᠷ | ᠢᠯᠡᠬᠦᠤ ᠭᠠᠷᠤᠨ᠎ᠠ᠂ ᠭᠡᠪᠡᠴᠦ ᠪᠦᠬᠦᠯᠢ ᠵᠠᠭᠤᠨ ᠵᠢᠯ ᠳᠤ ᠡᠷᠬᠡᠪᠰᠢ 400 ᠳᠤ ᠪᠦᠬᠦᠯᠢ ᠪᠠᠷ ᠬᠤᠪᠢᠶᠠᠭᠳᠠᠪᠠᠯ ᠰᠠᠶ᠋ᠢ ᠢᠯᠡᠭᠦᠦ ᠰᠠᠷ᠎ᠠ ᠲᠠᠢ ᠵᠢᠯ ᠪᠣᠯᠤᠨ᠎ᠠ᠂ ︽ | ᠳᠥᠷᠪᠡᠨ ᠵᠢᠯ ᠳᠤ ᠨᠢᠭᠡ ᠢᠯᠡᠭᠦᠦ ᠰᠠᠷ᠎ᠠ ᠲᠠᠢ ᠪᠠᠶᠢᠵᠤ᠂ ᠵᠠᠭᠤᠨ ᠵᠢᠯ ᠳᠤ ᠢᠯᠡᠭᠦᠦ ᠰᠠᠷ᠎ᠠ ᠦᠭᠡᠢ ᠪᠠᠶᠢᠵᠤ᠂ ᠳᠥᠷᠪᠡᠨ ᠵᠢᠯ ᠳᠤ ᠢᠯᠡᠭᠦᠦ ᠰᠠᠷ᠎ᠠ ᠲᠠᠢ ᠪᠠᠶᠢᠳᠠᠭ︾ | ᠳᠦᠷᠢᠮ ᠢ ᠵᠢᠷᠤᠮᠯᠠᠳᠠᠭ ᠪᠠᠶᠢᠨ᠎ᠠ ᠭᠡᠵᠦ ᠬᠡᠯᠡᠪᠡ᠃ | ᠨᠡᠶᠢᠳᠡ ᠶᠢᠨ ᠣᠨ ᠲᠣᠭᠠᠯᠠᠯ ᠤᠨ 2024 ᠣᠨ ᠪᠣᠯ ᠢᠯᠡᠭᠦᠦ ᠰᠠᠷ᠎ᠠ ᠲᠠᠢ ᠵᠢᠯ᠂ ᠪᠦᠬᠦ ᠵᠢᠯ ᠳᠤ 366 ᠡᠳᠦᠷ ᠲᠠᠢ᠂ ᠪᠢᠯᠢᠭ ᠤᠨ ᠤᠯᠠᠷᠢᠯ ᠤᠨ | ᠬᠥᠬᠡ ᠯᠣᠣ ᠵᠢᠯ ᠪᠣᠯ ᠡᠩ ᠤᠨ ᠵᠢᠯ᠂ ᠪᠦᠬᠦ ᠵᠢᠯ ᠳᠤ 354 ᠡᠳᠦᠷ ᠲᠠᠢ᠂ ᠡᠨᠡ ᠨᠢᠭᠡ ᠵᠢᠯ ᠤᠨ ᠨᠡᠶᠢᠳᠡ ᠶᠢᠨ ᠣᠨ ᠲᠣᠭᠠᠯᠠᠯ ᠤᠨ ᠵᠢᠯ ᠨᠢ ᠪᠢᠯᠢᠭ ᠤᠨ | ᠤᠯᠠᠷᠢᠯ ᠤᠨ ᠵᠢᠯ ᠤᠨ ᠬᠢ ᠠᠴᠠ 12 ᠡᠳᠦᠷ ᠢᠯᠡᠬᠦᠤ ᠪᠤᠯᠤᠨ᠎ᠠ᠃ ᠨᠡᠶᠢᠲᠡ ᠶᠢᠨ ᠣᠨ ᠲᠣᠭᠠᠯᠠᠯ ᠤᠨ 2025 ᠣᠨ ᠪᠣᠯ ᠡᠩ ᠤᠨ ᠵᠢᠯ᠂ ᠪᠥᠬᠦ ᠵᠢᠯ ᠳᠤ 365 | ᠡᠳᠦᠷ ᠲᠠᠢ᠂ ᠪᠢᠯᠢᠭ ᠤᠨ ᠤᠯᠠᠷᠢᠯ ᠤᠨ ᠬᠥᠬᠡᠭᠴᠢᠨ ᠮᠣᠭᠠᠶ ᠵᠢᠯ ᠪᠣᠯ ᠢᠯᠡᠭᠦᠦ ᠰᠠᠷ᠎ᠠ ᠲᠠᠢ ᠵᠢᠯ ᠪᠤᠯᠬᠤ ᠪᠦᠭᠡᠳ ᠵᠢᠷᠭᠤᠳᠤᠭᠠᠷ ᠰᠠᠷ᠎ᠠ ᠪᠤᠯ ᠢᠯᠡᠭᠦᠤ ᠰᠠᠷ᠎ᠠ | ᠪᠤᠯᠤᠨ᠎ᠠ᠂ ᠪᠥᠬᠦ ᠵᠢᠯ ᠳᠤ 384 ᠡᠳᠦᠷ ᠲᠠᠢ᠂ ᠭᠡᠳᠡᠷᠭᠦ ᠪᠠᠨ ᠨᠡᠶᠢᠲᠡ ᠶᠢᠨ ᠣᠨ ᠲᠣᠭᠠᠯᠠᠯ ᠤᠨ ᠵᠢᠯ ᠠᠴᠠ ᠢᠯᠡᠬᠦᠤ 19 ᠡᠳᠦᠷ ᠲᠠᠢ ᠶᠤᠮ᠃ |