︽ᠬᠡᠷᠡᠭ ᠢᠶᠠᠷ ᠬᠠᠤᠯᠢ ᠶᠢ ᠲᠠᠶᠢᠯᠪᠤᠷᠢᠯᠠᠬᠤ︾ᠥᠬᠢᠨ ᠳᠡᠭᠦᠦ ᠨᠢ ᠡᠪᠡᠳᠴᠢᠨ ᠲᠠᠢ ᠠᠬ᠎ᠠ ᠪᠡᠷᠭᠡᠨ ᠢᠶᠠᠨ ᠨᠠᠰᠤ ᠪᠠᠷᠠᠲᠠᠯ᠎ᠠ ᠨᠢ ᠬᠠᠷᠠᠭᠠᠯᠵᠠᠵᠤ᠂ ᠨᠢᠭᠡᠳᠦᠭᠡᠷ ᠳᠠᠷᠠᠭᠠᠯᠠᠯ ᠤᠨ ᠥᠪ ᠵᠠᠯᠭᠠᠮᠵᠢᠯᠠᠭᠴᠢ ᠲᠠᠢ ᠬᠠᠮᠲᠤ ᠪᠠᠷ ᠥᠪ ᠬᠥᠷᠥᠩᠭᠡ ᠶᠢ ᠵᠠᠯᠭᠠᠮᠵᠢᠯᠠᠬᠤ ᠪᠠᠷ ᠱᠠᠭᠠᠷᠳᠠᠭᠰᠠᠨ ᠳᠤ ᠰᠢᠭᠦᠬᠦ ᠬᠤᠷᠢᠶ᠎ᠠ ᠰᠢᠭᠦᠨ ᠲᠠᠰᠤᠯᠵᠠᠢ︕
ᠨᠡᠶᠢᠲᠡᠯᠡᠭᠰᠡᠨ ᠴᠠᠭ᠄
2025/2/14
          ᠨᠢᠭᠡ ᠭᠡᠷ ᠤᠨ ᠭᠤᠷᠪᠠᠨ ᠬᠥᠮᠥᠨ ᠠᠮᠠ ᠬᠤᠶᠢᠨ᠎ᠠ ᠬᠤᠶᠢᠨ᠎ᠠ ᠠᠴᠠ ᠪᠠᠨ ᠨᠠᠰᠤ ᠪᠠᠷᠠᠪᠠᠯ ᠦᠯᠡᠳᠡᠭᠰᠡᠨ ᠭᠡᠷ ᠬᠥᠷᠥᠩᠭᠡ ᠶᠢ ᠬᠡᠷᠬᠢᠨ ᠬᠤᠪᠢᠶᠠᠬᠤ ᠪᠤᠢ︖          ᠡᠴᠢᠭᠡ᠂ ᠬᠠᠳᠠᠮ ᠡᠬᠡ ᠨᠢ ᠮᠠᠷᠭᠤᠯᠳᠤᠭᠠᠳ ᠵᠣᠭᠰᠣᠬᠤ ᠦᠭᠡᠢ᠂ ᠥᠬᠢᠨ ᠳᠡᠭᠦᠦ ᠨᠢ ᠪᠠᠰᠠ ᠥᠪ ᠵᠠᠯᠭᠠᠮᠵᠢᠯᠠᠬᠤ ᠪᠠᠷ ᠱᠠᠭᠠᠷᠳᠠᠵᠤ ᠪᠠᠶᠢᠨ᠎ᠠ          ᠥᠪ ᠬᠥᠷᠥᠩᠭᠡ ᠶᠢᠨ ᠬᠤᠪᠢᠶᠠᠷᠢᠯᠠᠯᠲᠠ ᠳᠤ ᠮᠠᠷᠭᠤᠭᠠᠨ ᠡᠭᠦᠰᠴᠦ᠂ ᠲᠦᠷᠦᠯ ᠰᠠᠳᠤᠨ ᠰᠢᠭᠦᠬᠦ ᠲᠢᠩᠬᠢᠮ ᠳᠤ ᠵᠠᠷᠭᠤᠭᠠᠨ ᠬᠥᠭᠡᠭᠡᠴᠡᠯᠳᠦᠨ ᠰᠠᠭᠤᠵᠤ ᠪᠠᠶᠢᠨ᠎ᠠ          ᠸᠠᠩ ᠨᠠᠰᠤᠲᠠᠨ ᠡᠷ᠎ᠡ ᠡᠮ᠎ᠡ ᠬᠤᠶᠠᠭᠤᠯᠠ ᠪᠠᠨ ᠨᠢᠭᠡ ᠬᠦᠦ ︵ᠸᠠᠩ ᠠᠪᠤᠭᠠᠢ︶ ᠨᠢᠭᠡ ᠥᠬᠢᠨ︵ᠸᠠᠩ ᠠᠪᠠᠭ᠋ᠠᠢ︶ ᠲᠠᠢ᠃ ᠸᠠᠩ ᠨᠠᠰᠤᠲᠠᠨ ᠤ ᠬᠥᠭᠰᠢᠨ ᠨᠢ ᠡᠷᠲᠡ ᠨᠠᠰᠤ ᠪᠠᠷᠠᠵᠠᠢ᠃ ᠡᠮᠦᠨ᠎ᠡ ᠬᠡᠳᠦᠨ ᠵᠢᠯ ᠳᠤ᠂ ᠸᠠᠩ ᠨᠠᠰᠤᠲᠠᠨ ᠤ ᠬᠦᠦ ᠸᠠᠩ ᠠᠪᠤᠭᠠᠢ᠂ ᠬᠦᠦ ᠪᠡᠷᠢ ᠯᠢᠦ ᠠᠪᠠᠭ᠋ᠠᠢ ᠪᠣᠯᠣᠨ ᠣᠮᠪᠣᠯᠣ ᠬᠦᠦ ᠨᠢ ᠴᠥᠮ ᠡᠪᠡᠳᠴᠢᠨ ᠢᠶᠠᠷ ᠬᠤᠶᠢᠨ᠎ᠠ ᠬᠤᠶᠢᠨ᠎ᠠ ᠠᠴᠠ ᠪᠠᠨ ᠨᠠᠰᠤ ᠪᠠᠷᠠᠵᠠᠢ᠃ ᠸᠠᠩ ᠠᠪᠤᠭᠠᠢ᠂ ᠯᠢᠦ ᠠᠪᠠᠭ᠋ᠠᠢ ᠠᠮᠢᠳᠤ ᠪᠠᠶᠢᠬᠤ ᠳᠠᠭᠠᠨ ᠨᠢᠭᠡ ᠢᠵᠢ ᠭᠡᠷ ᠪᠠᠶᠢᠰᠢᠩ ᠲᠠᠢ ᠪᠠᠶᠢᠵᠠᠢ᠂ ᠸᠠᠩ ᠠᠪᠤᠭᠠᠢ ᠶᠢᠨ ᠨᠢᠭᠡ ᠭᠡᠷ ᠨᠠᠰᠤ ᠪᠠᠷᠠᠭᠰᠠᠨ ᠤ ᠲᠠᠷᠠᠭ᠎ᠠ᠂ ᠸᠠᠩ ᠨᠠᠰᠤᠲᠠᠨ ᠪᠣᠯᠣᠨ ᠬᠤᠳᠠᠭᠠᠢ ᠵᠠᠩ ᠨᠠᠰᠤᠲᠠᠨ ᠲᠤᠰ ᠭᠡᠷ ᠪᠠᠶᠢᠰᠢᠩ ᠢ ᠬᠤᠪᠢᠳᠠᠨ ᠬᠤᠪᠢᠶᠠᠬᠤ ᠶᠢᠨ ᠲᠤᠬᠠᠢ ᠰᠠᠨᠠᠯ ᠨᠢᠭᠡᠳᠬᠦ ᠶᠢᠨ ᠠᠷᠭ᠎ᠠ ᠦᠭᠡᠢ ᠪᠣᠯᠬᠤᠷ᠂ ᠸᠠᠩ ᠨᠠᠰᠤᠲᠠᠨ ᠲᠡᠷᠡ ᠳᠠᠷᠤᠢ ᠳᠤᠨᠢ ᠪᠡᠭᠡᠵᠢᠩ ᠬᠤᠳᠠ ᠶᠢᠨ ᠹᠠᠩᠱᠠᠨ ᠲᠣᠭᠤᠷᠢᠭ ᠤᠨ ᠠᠷᠠᠳ ᠤᠨ ᠰᠢᠭᠦᠬᠦ ᠬᠤᠷᠢᠶᠠᠨ ᠳᠤ ᠵᠠᠭᠠᠯᠳᠤᠪᠠ᠃          ᠰᠡᠭᠦᠯᠡᠷ ᠨᠢ᠂ ᠸᠠᠩ ᠠᠪᠤᠭᠠᠢ ᠶᠢᠨ ᠥᠬᠢᠨ ᠳᠡᠭᠦᠦ ᠸᠠᠩ ᠠᠪᠠᠭ᠋ᠠᠢ ᠬᠡᠷᠡᠭ ᠤᠨ ᠭᠤᠷᠪᠠᠳᠠᠭᠢ ᠬᠥᠮᠥᠨ ᠪᠣᠯᠤᠭᠰᠠᠨ ᠤ ᠬᠤᠪᠢ ᠳᠤ᠂ ᠪᠠᠰᠠ ᠠᠬ᠎ᠠ ᠸᠠᠩ ᠠᠪᠤᠭᠠᠢ ᠪᠣᠯᠣᠨ ᠪᠡᠷᠭᠡᠨ ᠯᠢᠦ ᠠᠪᠠᠭ᠋ᠠᠢ ᠶᠢᠨ ᠥᠪ ᠬᠥᠷᠥᠩᠭᠡ ᠶᠢ ᠵᠠᠯᠭᠠᠮᠵᠢᠯᠠᠬᠤ ᠪᠠᠷ ᠰᠢᠭᠦᠬᠦ ᠬᠤᠷᠢᠶᠠᠨ ᠳᠤ ᠵᠣᠷᠢᠵᠠᠢ᠃ ᠥᠬᠢᠨ ᠳᠡᠭᠦᠦ ᠸᠠᠩ ᠠᠪᠠᠭ᠋ᠠᠢ ᠶᠢᠨ ᠬᠡᠯᠡᠬᠦ ᠪᠠᠷ᠂ ᠠᠬ᠎ᠠ ᠶᠢᠨ ᠬᠢᠨᠢ ᠨᠢᠭᠡ ᠭᠡᠷ ᠤᠨ ᠭᠤᠷᠪᠠᠨ ᠬᠥᠮᠥᠨ ᠡᠪᠡᠳᠴᠢᠨ ᠢᠶᠠᠷ ᠤᠷᠢᠳ ᠬᠤᠵᠢᠳ ᠨᠠᠰᠤ ᠪᠠᠷᠠᠵᠠᠢ᠂ ᠭᠤᠷᠪᠠᠨ ᠬᠥᠮᠥᠨ ᠡᠪᠡᠳᠴᠢᠯᠡᠭᠰᠡᠨ ᠬᠤᠭᠤᠴᠠᠭᠠᠨ ᠳᠤ ᠴᠥᠮ ᠥᠪᠡᠷ ᠢᠶᠠᠨ ᠭᠡᠷ ᠤᠨ ᠠᠵᠢᠯ ᠢ ᠣᠷᠣᠯᠠᠨ ᠬᠢᠬᠦ ᠪᠠ ᠡᠮᠨᠡᠯᠭᠡ ᠳᠤ ᠰᠠᠭᠤᠵᠤ ᠰᠤᠪᠢᠯᠠᠨ ᠬᠠᠷᠠᠭᠠᠯᠵᠠᠬᠤ ᠶᠢᠨ ᠬᠠᠮᠲᠤ ᠣᠷᠣᠰᠢᠭᠤᠯᠭ᠎ᠠ ᠶᠢᠨ ᠶᠠᠪᠤᠳᠠᠯ ᠢ ᠭᠦᠢᠴᠡᠳᠬᠡᠨ᠎ᠡ ᠭᠡᠵᠡᠢ᠃ ᠸᠠᠩ ᠠᠪᠠᠭ᠋ᠠᠢ ᠶᠢᠨ ᠦᠵᠡᠬᠦ ᠪᠠᠷ᠂ ᠪᠢ ᠬᠡᠳᠦᠶᠢᠪᠡᠷ ᠠᠬ᠎ᠠ ᠶᠢᠨ ᠨᠢᠭᠡ ᠭᠡᠷ ᠤᠨ ᠬᠢᠨ ᠤ ᠥᠪ ᠬᠥᠷᠥᠩᠭᠡ ᠶᠢᠨ ᠨᠢᠭᠡᠳᠦᠭᠡᠷ ᠳᠠᠷᠠᠭᠠᠯᠠᠯ ᠤᠨ ᠥᠪ ᠵᠠᠯᠭᠠᠮᠵᠢᠯᠠᠭᠴᠢ ᠪᠢᠰᠢ ᠪᠣᠯᠪᠠᠴᠤ ᠠᠬ᠎ᠠ ᠶᠢᠨ ᠨᠢᠭᠡ ᠭᠡᠷ ᠤᠨ ᠬᠢᠨ ᠤ ᠡᠪᠡᠳᠴᠢᠯᠡᠭᠰᠡᠨ ᠬᠤᠭᠤᠴᠠᠭᠠᠨ ᠳᠤ ᠨᠡᠯᠢᠶᠡᠳ ᠬᠠᠷᠠᠭᠠᠯᠵᠠᠬᠤ ᠡᠭᠦᠷᠭᠡ ᠶᠢ ᠡᠭᠦᠷᠭᠡᠯᠡᠭᠰᠡᠨ ᠪᠣᠯᠬᠤᠷ ᠨᠢᠭᠡ ᠬᠡᠰᠡᠭ ᠥᠪ ᠬᠥᠷᠥᠩᠭᠡ ᠶᠢ ᠵᠠᠯᠭᠠᠮᠵᠢᠯᠠᠬᠤ ᠡᠷᠬᠡ ᠶᠢ ᠡᠳ᠋ᠯᠡᠪᠡᠯ ᠲᠠᠭᠠᠷᠠᠨ᠎ᠠ᠃          ᠡᠴᠢᠭᠡ ᠸᠠᠩ ᠨᠠᠰᠤᠲᠠᠨ ᠬᠦᠦ ᠶᠢᠨ ᠢᠶᠠᠨ ᠨᠢᠭᠡ ᠭᠡᠷ ᠤᠨ ᠡᠪᠡᠳᠴᠢᠯᠡᠭᠰᠡᠨ ᠬᠤᠭᠤᠴᠠᠭᠠᠨ ᠳᠤ ᠬᠡᠳᠦᠶᠢᠪᠡᠷ ᠠᠮᠢᠳᠤᠷᠠᠯ ᠪᠠ ᠬᠠᠷᠠᠭᠠᠯᠵᠠᠵᠤ ᠳᠣᠳᠣᠮᠳᠠᠬᠤ ᠲᠠᠯ᠎ᠠ ᠪᠠᠷ ᠨᠡᠮᠡᠷᠢ ᠪᠣᠯᠤᠭᠰᠠᠨ ᠦᠭᠡᠢ ᠪᠣᠯᠪᠠᠴᠤ ᠲᠡᠳᠡᠨ ᠤ ᠡᠪᠡᠳᠴᠢᠨ ᠦᠵᠡᠭᠦᠯᠬᠦ ᠭᠤᠣᠯ ᠵᠠᠷᠤᠯᠭ᠎ᠠ ᠶᠢ ᠸᠠᠩ ᠨᠠᠰᠤᠲᠠᠨ ᠭᠠᠷᠭᠠᠪᠠ᠂ ᠥᠬᠢᠨ ᠸᠠᠩ ᠠᠪᠠᠭ᠋ᠠᠢ ᠬᠠᠷᠠᠵᠤ ᠬᠠᠷᠠᠭᠠᠯᠵᠠᠬᠤ ᠶᠠᠪᠤᠴᠠ ᠳᠤ ᠡᠮ ᠡᠮᠨᠡᠯᠭᠡ ᠶᠢᠨ ᠵᠠᠷᠤᠳᠠᠯ ᠢ ᠡᠭᠦᠷᠭᠡᠯᠡᠭᠰᠡᠨ ᠦᠭᠡᠢ᠂ ᠡᠶᠢᠮᠦ ᠠᠴᠠ ᠸᠠᠩ ᠠᠪᠠᠭ᠋ᠠᠢ ᠸᠠᠩ ᠠᠪᠤᠭᠠᠢ ᠡᠷ᠎ᠡ ᠡᠮ᠎ᠡ ᠬᠤᠶᠠᠭᠤᠯᠠ ᠶᠢᠨ ᠥᠪ ᠬᠥᠷᠥᠩᠭᠡ ᠶᠢ ᠵᠠᠯᠭᠠᠮᠵᠢᠯᠠᠬᠤ ᠡᠷᠬᠡ ᠦᠭᠡᠢ ᠭᠡᠵᠦ ᠦᠵᠡᠪᠡ᠃          ᠬᠤᠳᠠᠭᠠᠢ ᠵᠠᠩ ᠨᠠᠰᠤᠲᠠᠨ ᠪᠠᠰᠠ ᠥᠬᠢᠨ ᠤ ᠪᠠᠨ ᠡᠪᠡᠳᠴᠢᠨ ᠵᠠᠰᠠᠬᠤ ᠵᠠᠷᠤᠳᠠᠯ ᠢ ᠴᠥᠮ ᠲᠥᠷᠬᠦᠮ ᠤᠨ ᠲᠠᠯ᠎ᠠ ᠠᠴᠠ ᠭᠠᠷᠭᠠᠭᠰᠠᠨ ᠪᠥᠭᠡᠳ ᠸᠠᠩ ᠠᠪᠠᠭ᠋ᠠᠢ ᠡᠮ ᠡᠮᠨᠡᠯᠭᠡ ᠶᠢᠨ ᠵᠠᠷᠤᠳᠠᠯ ᠢ ᠡᠭᠦᠷᠭᠡᠯᠡᠭᠰᠡᠨ ᠦᠭᠡᠢ ᠪᠣᠯᠬᠤᠷ ᠥᠪ ᠵᠠᠯᠭᠠᠮᠵᠢᠯᠠᠬᠤ ᠡᠷᠬᠡ ᠶᠢ ᠡᠳ᠋ᠯᠡᠬᠦ ᠶᠣᠰᠣ ᠦᠭᠡᠢ ᠭᠡᠵᠦ ᠢᠯᠡᠷᠬᠡᠶᠢᠯᠡᠪᠡ᠃          ᠰᠢᠭᠦᠬᠦ ᠬᠤᠷᠢᠶ᠎ᠠ᠄ ᠠᠰᠠᠷᠠᠨ ᠲᠡᠵᠢᠭᠡᠬᠦ ᠡᠭᠦᠷᠭᠡ ᠶᠢ ᠭᠦᠢᠴᠡᠳᠬᠡᠭᠰᠡᠨ ᠥᠪ ᠬᠥᠷᠥᠩᠭᠡ ᠶᠢ ᠬᠤᠪᠢᠶᠠᠨ ᠣᠯᠬᠤ ᠡᠷᠬᠡ ᠲᠠᠢ          ᠰᠢᠭᠦᠬᠦ ᠬᠤᠷᠢᠶ᠎ᠠ ᠰᠢᠭᠦᠬᠦ ᠪᠠᠷ ᠳᠠᠮᠵᠢᠭᠠᠳ᠂ ᠸᠠᠩ ᠠᠪᠠᠭ᠋ᠠᠢ ᠨᠢ ᠸᠠᠩ ᠠᠪᠤᠭᠠᠢ ᠶᠢᠨ ᠥᠬᠢᠨ ᠳᠡᠭᠦᠦ ᠪᠣᠯᠤᠭᠰᠠᠨ ᠤ ᠬᠤᠪᠢ ᠳᠤ᠂ ᠬᠡᠳᠦᠶᠢᠪᠡᠷ ᠨᠢᠭᠡᠳᠦᠭᠡᠷ ᠳᠡᠰ ᠳᠠᠷᠠᠭᠠᠯᠠᠯ ᠤᠨ ᠥᠪ ᠵᠠᠯᠭᠠᠮᠵᠢᠯᠠᠭᠴᠢ ᠪᠢᠰᠢ ᠪᠣᠯᠪᠠᠴᠤ ᠸᠠᠩ ᠠᠪᠤᠭᠠᠢ ᠪᠣᠯᠣᠨ ᠯᠢᠦ ᠠᠪᠠᠭ᠋ᠠᠢ ᠡᠪᠡᠳᠴᠢᠯᠡᠭᠰᠡᠨ ᠬᠤᠭᠤᠴᠠᠭᠠᠨ ᠳᠤ᠂ ᠸᠠᠩ ᠨᠠᠰᠤᠲᠠᠨ ᠪᠣᠯᠣᠨ ᠵᠠᠩ ᠨᠠᠰᠤᠲᠠᠨ ᠡᠳ᠋ ᠪᠣᠳᠠᠰ ᠤᠨ ᠳᠡᠮᠵᠢᠯᠭᠡ ᠦᠵᠡᠭᠦᠯᠦᠭᠰᠡᠨ ᠴᠦ ᠠᠬ᠎ᠠ ᠪᠡᠷᠭᠡᠨ ᠤ ᠡᠪᠡᠳᠴᠢᠯᠡᠭᠰᠡᠨ ᠬᠤᠭᠤᠴᠠᠭᠠᠨ ᠳᠤ ᠸᠠᠩ ᠠᠪᠠᠭ᠋ᠠᠢ ᠭᠤᠣᠯ ᠬᠠᠷᠠᠭᠠᠯᠵᠠᠬᠤ ᠡᠭᠦᠷᠭᠡ ᠪᠠᠨ ᠭᠦᠢᠴᠡᠳᠬᠡᠭᠰᠡᠨ ᠢ ᠦᠭᠡᠶᠢᠰᠬᠡᠵᠦ ᠪᠣᠯᠬᠤ ᠦᠭᠡᠢ᠃ ᠠᠰᠠᠷᠠᠨ ᠲᠡᠵᠢᠭᠡᠭᠴᠢ ᠶᠢᠨ ᠠᠰᠠᠷᠠᠨ ᠲᠡᠵᠢᠭᠡᠬᠦ ᠡᠭᠦᠷᠭᠡ ᠪᠠᠨ ᠭᠦᠢᠴᠡᠳᠬᠡᠭᠰᠡᠨ ᠡᠰᠡᠬᠦ ᠶᠢ ᠡᠳ᠋ ᠪᠣᠳᠠᠰ᠂ ᠵᠣᠭᠤᠰ ᠮᠥᠩᠭᠦ ᠶᠢᠨ ᠶᠡᠭᠡ ᠪᠠᠭ᠎ᠠ ᠪᠠᠷ ᠯᠠ ᠬᠡᠮᠵᠢᠵᠦ ᠪᠣᠯᠬᠤ ᠦᠭᠡᠢ᠃ ᠡᠪᠡᠳᠴᠢᠨ ᠲᠠᠢ ᠲᠥᠷᠥᠯ ᠰᠠᠳᠤᠨ ᠢᠶᠠᠨ ᠨᠠᠷᠢᠨ ᠨᠢᠮᠪᠠᠢ ᠬᠠᠷᠠᠭᠠᠯᠵᠠᠬᠤ ᠪᠣᠯ ᠮᠥᠨ ᠴᠦ ᠨᠢᠭᠡ ᠵᠦᠢᠯ ᠤᠨ ᠠᠰᠠᠷᠠᠨ ᠲᠡᠵᠢᠭᠡᠬᠦ ᠠᠵᠢᠯᠯᠠᠭ᠎ᠠ ᠮᠥᠨ᠂ ᠡᠨᠡ ᠨᠢ ᠨᠡᠶᠢᠭᠡᠮ ᠵᠢᠷᠤᠮ ᠤᠨ ᠭᠤᠣᠯᠯᠠᠬᠤ ᠥᠷᠲᠡᠭ ᠤᠨ ᠦᠵᠡᠯᠲᠡ ᠶᠢᠨ ᠱᠠᠭᠠᠷᠳᠠᠯᠭ᠎ᠠ ᠳᠤ ᠨᠡᠶᠢᠴᠡᠵᠦ ᠪᠠᠶᠢᠭ᠎ᠠ ᠪᠣᠯᠬᠤᠷ ᠡᠭᠦᠨ ᠳᠤ ᠢᠳᠡᠪᠬᠢᠲᠡᠢ ᠦᠨᠡᠯᠡᠯᠲᠡ ᠥᠭᠴᠦ᠂ ᠢᠳᠡᠪᠬᠢ ᠬᠦᠴᠦᠨ ᠢ ᠪᠠᠳᠠᠷᠠᠭᠤᠯᠬᠤ ᠬᠡᠷᠡᠭᠲᠡᠢ᠃ ᠡᠶᠢᠮᠦ ᠠᠴᠠ ᠰᠢᠭᠦᠬᠦ ᠬᠤᠷᠢᠶ᠎ᠠ ᠠᠴᠠ ᠸᠠᠩ ᠠᠪᠠᠭ᠋ᠠᠢ ᠸᠠᠩ ᠠᠪᠤᠭᠠᠢ ᠡᠷ᠎ᠡ ᠡᠮ᠎ᠡ ᠬᠤᠶᠠᠭᠤᠯᠠ ᠳᠤ ᠠᠰᠠᠷᠠᠨ ᠲᠡᠵᠢᠭᠡᠬᠦ ᠡᠭᠦᠷᠭᠡ ᠶᠢ ᠨᠡᠯᠢᠶᠡᠳ ᠠᠷᠪᠢᠨ ᠭᠦᠢᠴᠡᠳᠬᠡᠭᠰᠡᠨ ᠪᠣᠯᠬᠤᠷ ᠸᠠᠩ ᠠᠪᠠᠭ᠋ᠠᠢ ᠳᠤ ᠵᠣᠬᠢᠬᠤ ᠬᠡᠮᠵᠢᠶᠡᠨ ᠤ ᠥᠪ ᠬᠥᠷᠥᠩᠭᠡ ᠬᠤᠪᠢᠶᠠᠨ ᠥᠭᠬᠦ ᠬᠡᠷᠡᠭᠲᠡᠢ ᠭᠡᠵᠦ ᠮᠠᠭᠠᠳᠯᠠᠨ ᠲᠣᠭᠲᠠᠭᠠᠪᠠ᠃          ᠡᠴᠦᠰ ᠲᠤ᠂ ᠰᠢᠭᠦᠬᠦ ᠬᠤᠷᠢᠶ᠎ᠠ ᠠᠴᠠ ᠬᠠᠤᠯᠢ ᠶᠣᠰᠣᠭᠠᠷ ᠸᠠᠩ ᠨᠠᠰᠤᠲᠠᠨ᠂ ᠵᠠᠩ ᠨᠠᠰᠤᠲᠠᠨ᠂ ᠸᠠᠩ ᠠᠪᠠᠭ᠋ᠠᠢ ᠶᠢ ᠲᠤᠰ ᠲᠤᠰ ᠬᠡᠷᠡᠭ ᠲᠤ ᠬᠤᠯᠪᠣᠭᠳᠠᠭᠰᠠᠨ ᠭᠡᠷ ᠪᠠᠶᠢᠰᠢᠩ ᠤᠨ 60%᠂ 20%᠂ 20% ᠶᠢᠨ ᠬᠤᠪᠢ ᠶᠢ ᠵᠠᠯᠭᠠᠮᠵᠢᠯᠠᠭᠤᠯᠬᠤ ᠪᠠᠷ ᠰᠢᠭᠦᠨ ᠲᠠᠰᠤᠯᠪᠠ᠃          ᠬᠠᠤᠯᠢ ᠶᠢᠨ ᠲᠤᠰᠢᠶᠠᠯᠲᠠᠨ᠄ ᠪᠠᠭᠤᠷᠠᠢ ᠬᠥᠮᠥᠰ ᠢ ᠲᠡᠳᠬᠦᠨ ᠳᠡᠮᠵᠢᠵᠦ᠂ ᠣᠶᠤᠨ ᠤ ᠪᠣᠯᠪᠠᠰᠤᠨ ᠤ ᠪᠠᠢᠭᠤᠯᠤᠯᠲᠠ ᠶᠢ ᠴᠢᠩᠭᠠᠳᠬᠠᠶ᠎ᠠ          ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠢᠷᠭᠡᠨ ᠤ ᠬᠠᠤᠯᠢ ᠶᠢᠨ ᠪᠢᠴᠢᠭ︾ ᠤᠨ ᠵᠠᠭᠤ ᠭᠤᠴᠢᠨ ᠨᠢᠭᠡᠳᠦᠭᠡᠷ ᠵᠦᠢᠯ ᠤᠨ ᠲᠣᠭᠲᠠᠭᠠᠯ ᠢ ᠦᠨᠳᠦᠰᠦᠯᠡᠪᠡᠯ᠂ ᠥᠪ ᠵᠠᠯᠭᠠᠮᠵᠢᠯᠠᠭᠴᠢ ᠠᠴᠠ ᠭᠠᠳᠠᠨ᠎ᠠ ᠥᠪ ᠵᠠᠯᠭᠠᠮᠵᠢᠯᠠᠭᠤᠯᠤᠭᠴᠢ ᠪᠠᠷ ᠠᠰᠠᠷᠠᠭᠤᠯᠤᠨ ᠲᠡᠵᠢᠭᠡᠯᠭᠡᠵᠦ ᠪᠠᠶᠢᠭ᠎ᠠ ᠬᠥᠮᠥᠨ᠂ ᠡᠰᠡᠬᠦᠯ᠎ᠡ ᠥᠪ ᠵᠠᠯᠭᠠᠮᠵᠢᠯᠠᠭᠴᠢ ᠠᠴᠠ ᠭᠠᠳᠠᠨ᠎ᠠ ᠥᠪ ᠵᠠᠯᠭᠠᠮᠵᠢᠯᠠᠭᠤᠯᠤᠭᠴᠢ ᠶᠢ ᠢᠯᠡᠭᠦᠦ ᠠᠰᠠᠷᠠᠵᠤ ᠲᠡᠵᠢᠭᠡᠵᠦ ᠪᠠᠶᠢᠭ᠎ᠠ ᠬᠥᠮᠥᠨ ᠳᠤ ᠵᠣᠬᠢᠬᠤ ᠬᠡᠮᠵᠢᠶᠡᠨ ᠤ ᠥᠪ ᠬᠥᠷᠥᠩᠭᠡ ᠬᠤᠪᠢᠶᠠᠨ ᠥᠭᠴᠦ ᠪᠣᠯᠣᠨ᠎ᠠ᠃ ᠲᠣᠰ ᠵᠦᠢᠯ ᠤᠨ ᠬᠠᠤᠯᠢ ᠲᠣᠭᠲᠠᠭᠠᠯᠲᠠ ᠶᠢᠨ ᠤᠭ ᠰᠠᠨᠠᠭ᠎ᠠ ᠨᠢ ᠨᠠᠰᠤᠲᠠᠶᠢᠴᠤᠳ ᠢ ᠠᠰᠠᠷᠠᠨ ᠲᠡᠵᠢᠭᠡᠬᠦ ᠪᠠ ᠡᠪᠡᠳᠴᠢᠨ ᠡᠮᠭᠡᠭ ᠲᠠᠢ ᠬᠥᠮᠥᠰ ᠢ ᠲᠡᠳᠬᠦᠨ ᠳᠡᠮᠵᠢᠬᠦ ᠶᠢ ᠵᠣᠷᠢᠭᠵᠢᠭᠤᠯᠬᠤ ᠶᠢᠨ ᠲᠥᠯᠥᠭᠡ ᠶᠤᠮ᠂ ᠡᠨᠡ ᠨᠢ ᠪᠣᠯᠪᠠᠰᠤᠨ ᠭᠡᠷ ᠤᠨ ᠰᠤᠷᠲᠠᠯ ᠢ ᠪᠣᠶ ᠪᠣᠯᠭᠠᠵᠤ᠂ ᠬᠠᠷᠢᠯᠴᠠᠨ ᠳᠡᠮᠵᠢᠵᠦ ᠬᠠᠷᠢᠯᠴᠠᠨ ᠬᠠᠪᠰᠤᠷᠤᠯᠴᠠᠬᠤ ᠤᠯᠠᠮᠵᠢᠯᠠᠯᠲᠤ ᠰᠠᠶᠢᠬᠠᠨ ᠰᠤᠷᠲᠠᠯ ᠢ ᠪᠠᠳᠠᠷᠠᠭᠤᠯᠬᠤ ᠶᠢᠨ ᠬᠠᠮᠲᠤ ᠨᠡᠶᠢᠭᠡᠮ ᠵᠢᠷᠤᠮ ᠤᠨ ᠭᠤᠣᠯᠯᠠᠬᠤ ᠥᠷᠲᠡᠭ ᠤᠨ ᠦᠵᠡᠯᠲᠡ ᠶᠢ ᠪᠠᠳᠠᠷᠠᠭᠤᠯᠬᠤ ᠳᠤ ᠠᠰᠢᠭᠲᠠᠢ ᠶᠤᠮ᠃          ᠳᠡᠭᠡᠷ᠎ᠡ ᠳᠤᠷᠠᠳᠤᠭᠰᠠᠨ ᠬᠡᠷᠡᠭ ᠲᠤ᠂ ᠸᠠᠩ ᠠᠪᠤᠭᠠᠢ ᠶᠢᠨ ᠥᠬᠢᠨ ᠳᠡᠭᠦᠦ ᠪᠣᠯᠤᠭᠰᠠᠨ ᠤ ᠬᠤᠪᠢ ᠳᠤ᠂ ᠸᠠᠩ ᠠᠪᠠᠭ᠋ᠠᠢ ᠡᠪᠡᠳᠴᠢᠯᠡᠭᠰᠡᠨ ᠬᠤᠭᠤᠴᠠᠭᠠᠨ ᠳᠤ ᠸᠠᠩ ᠠᠪᠤᠭᠠᠢ ᠡᠷ᠎ᠡ ᠡᠮ᠎ᠡ ᠬᠤᠶᠠᠭᠤᠯᠠ ᠶᠢ ᠦᠨᠡᠨ ᠰᠡᠳᠬᠢᠯ ᠠᠴᠠ ᠪᠠᠨ ᠬᠠᠷᠠᠭᠠᠯᠵᠠᠵᠤ᠂ ᠭᠡᠷ ᠪᠦᠯᠢ ᠶᠢᠨ ᠪᠦᠷᠢᠯᠳᠦᠭᠦᠨ ᠤ ᠬᠤᠭᠤᠷᠣᠨᠳᠣᠬᠢ ᠠᠰᠠᠷᠠᠨ ᠲᠡᠵᠢᠭᠡᠬᠦ ᠡᠭᠦᠷᠭᠡ ᠶᠢᠨ ᠬᠠᠷᠢᠭᠤᠴᠠᠯᠭ᠎ᠠ ᠶᠢ ᠭᠦᠢᠴᠡᠳᠬᠡᠭᠰᠡᠨ ᠪᠣᠯᠬᠤᠷ ᠸᠠᠩ ᠠᠪᠠᠭ᠋ᠠᠢ ᠠᠬ᠎ᠠ ᠪᠡᠷᠭᠡᠨ ᠤ ᠪᠠᠨ ᠨᠢᠭᠡ ᠬᠡᠰᠡᠭ ᠥᠪ ᠬᠥᠷᠥᠩᠭᠡ ᠶᠢ ᠬᠤᠪᠢᠶᠠᠨ ᠣᠯᠬᠤ ᠡᠷᠬᠡ ᠲᠠᠢ᠃
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ