2023 ᠣᠨ ᠤ 12 ᠰᠠᠷ᠎ᠠ ᠶᠢᠨ 29 ᠤ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ | ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠳᠣᠯᠣᠳᠤᠭᠠᠷ ᠬᠤᠷᠠᠯᠳᠤᠭᠠᠨ ᠠᠴᠠ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠺᠣᠮᠫᠠᠨᠢ ᠶᠢᠨ ᠬᠠᠤᠯᠢ︾ | ᠳᠤ ᠵᠠᠰᠠᠪᠤᠷᠢ ᠣᠷᠣᠭᠤᠯᠤᠨ ᠪᠠᠲᠤᠯᠠᠵᠤ᠂2024 ᠣᠨ ᠤ 7ᠰᠠᠷ᠎ᠠ ᠶᠢᠨ1 ᠤ ᠡᠳᠦᠷ ᠠᠴᠠ ᠡᠬᠢᠯᠡᠨ ᠬᠡᠷᠡᠭᠵᠢᠭᠦᠯᠪᠡ᠃ ᠺᠣᠮᠫᠠᠨᠢ ᠶᠢᠨ ᠰᠢᠨ᠎ᠡ ᠬᠠᠤᠯᠢ ᠶᠢᠨ | ᠬᠦᠴᠦᠨ ᠲᠠᠢ ᠪᠣᠯᠤᠭᠰᠠᠨ ᠨᠢ ᠤᠯᠤᠰ ᠤᠨ ᠥᠮᠴᠢᠯᠡᠯᠲᠦ ᠠᠵᠤ ᠠᠬᠤᠶᠢᠯᠠᠯ ᠤᠨ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ᠂ ᠳᠤᠮᠳᠠᠳᠤ ᠤᠯᠤᠰ ᠤᠨ ᠣᠨᠴᠠᠯᠢᠭ | ᠪᠦᠬᠦᠢ ᠤᠳᠤ ᠦᠶ᠎ᠡ ᠶᠢᠨ ᠠᠵᠤ ᠠᠬᠤᠶᠢᠯᠠᠯ ᠤᠨ ᠳᠦᠷᠢᠮ ᠢ ᠲᠡᠭᠦᠯᠳᠡᠷᠵᠢᠭᠦᠯᠬᠦ ᠳᠤ ᠴᠢᠬᠤᠯᠠ ᠶᠡᠭᠡ ᠠᠬᠢᠭᠤᠯᠬᠤ ᠦᠢᠯᠡᠳᠦᠯ ᠲᠠᠢ᠃ᠰᠢᠨ᠎ᠡ ︽ᠺᠣᠮᠫᠠᠨᠢ ᠶᠢᠨ ᠬᠠᠤᠯᠢ︾ | ᠳᠤ ᠵᠠᠰᠠᠪᠤᠷᠢ ᠣᠷᠣᠭᠤᠯᠬᠤ ᠪᠠ ᠲᠡᠭᠦᠨ ᠢ ᠬᠡᠷᠡᠭᠵᠢᠭᠦᠯᠬᠦ ᠶᠢ ᠳᠠᠭᠠᠯᠳᠤᠨ᠂ ᠲᠡᠭᠦᠨ ᠤ ᠳᠣᠲᠣᠷᠠᠬᠢ ᠠᠯᠢ ᠤᠯᠠᠨ ᠵᠠᠰᠠᠪᠤᠷᠢ ᠣᠷᠣᠭᠤᠯᠤᠭᠰᠠᠨ ᠠᠭᠤᠯᠭ᠎ᠠ ᠨᠢ | ᠴᠢᠬᠤᠯᠠ ᠶᠡᠭᠡ ᠠᠴᠢ ᠬᠤᠯᠪᠣᠭᠳᠠᠯ ᠲᠠᠢ ᠪᠥᠭᠡᠳ ᠠᠯᠤᠰ ᠬᠡᠳᠤ ᠶᠢᠨ ᠨᠥᠯᠥᠭᠡ ᠲᠠᠢ ᠶᠤᠮ᠃ ᠠᠳᠡ᠂ ᠵᠣᠬᠢᠶᠠᠭᠴᠢ ᠵᠠᠰᠠᠪᠤᠷᠢ ᠣᠷᠣᠭᠤᠯᠤᠭᠰᠠᠨ ᠠᠭᠤᠯᠭ᠎ᠠ ᠳᠤ | ᠳᠣᠣᠷᠠᠬᠢ ᠮᠡᠲᠦ ᠲᠠᠶᠢᠯᠤᠮᠵᠢ ᠬᠢᠶ᠎ᠡ᠄ | ᠨᠢᠭᠡ᠂ ᠺᠣᠮᠫᠠᠨᠢ ᠶᠢᠨ ᠬᠥᠷᠥᠩᠭᠡ ᠶᠢᠨ ᠳᠦᠷᠢᠮ ᠢ ᠲᠡᠭᠦᠯᠳᠡᠷᠵᠢᠭᠦᠯᠪᠡ | 1.ᠳᠠᠩᠰᠠᠯᠠᠭᠤᠯᠤᠭᠰᠠᠨ ᠬᠥᠷᠥᠩᠭᠡ ᠶᠢ ᠳᠠᠭᠠᠭᠠᠨ ᠲᠤᠰᠢᠶᠠᠬᠤ ᠳᠠᠩᠰᠠᠯᠠᠯᠲᠠ ᠶᠢᠨ ᠳᠦᠷᠢᠮ ᠢ ᠲᠡᠭᠦᠯᠳᠡᠷᠵᠢᠭᠦᠯᠪᠡ᠄ ᠬᠢᠵᠠᠭᠠᠷᠲᠤ ᠬᠠᠷᠢᠭᠤᠴᠠᠯᠭᠠᠲᠤ | ᠺᠣᠮᠫᠠᠨᠢ ᠶᠢᠨ ᠬᠤᠪᠢ ᠣᠷᠣᠭᠤᠯᠤᠭᠴᠢᠳ ᠤᠨ ᠪᠡᠯᠡ ᠭᠠᠷᠭᠠᠬᠤ ᠬᠤᠭᠤᠴᠠᠭ᠎ᠠ ᠶᠢ ᠲᠠᠪᠤᠨ ᠵᠢᠯ ᠠᠴᠠ ᠬᠡᠲᠦᠷᠡᠭᠦᠯᠵᠦ ᠪᠣᠯᠬᠤ ᠦᠭᠡᠢ ᠭᠡᠵᠦ ᠲᠣᠭᠲᠠᠭᠠᠪᠠ᠃ | ᠤᠯᠤᠰ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠶᠡᠷᠦᠩᠬᠡᠢ ᠲᠣᠪᠴᠢᠶ᠎ᠠ ᠶᠢᠨ ᠰᠠᠨᠠᠯ ᠢ ᠦᠨᠳᠦᠰᠦᠯᠡᠨ᠂ ᠲᠦᠷᠦ ᠶᠢᠨ ᠶᠠᠪᠤᠳᠠᠯ ᠤᠨ ᠬᠤᠷᠢᠶ᠎ᠠ ᠳᠤ | ᠡᠷᠬᠡ ᠣᠯᠭᠤᠨ ᠪᠣᠳᠠᠲᠠᠢ ᠠᠷᠭ᠎ᠠ ᠲᠣᠭᠲᠠᠭᠠᠯᠭᠠᠵᠤ᠂ ᠰᠢᠨ᠎ᠡ ᠬᠠᠤᠯᠢ ᠶᠢ ᠬᠡᠷᠡᠭᠵᠢᠭᠦᠯᠬᠦ ᠠᠴᠠ ᠡᠮᠦᠨ᠎ᠡ ᠨᠢᠭᠡᠨᠲᠡ ᠳᠠᠩᠰᠠᠯᠠᠭᠤᠯᠤᠨ ᠪᠠᠶᠢᠭᠤᠯᠤᠭᠰᠠᠨ ᠪᠥᠭᠡᠳ ᠪᠡᠯᠡ | ᠭᠠᠷᠭᠠᠬᠤ ᠬᠤᠭᠤᠴᠠᠭ᠎ᠠ ᠨᠢ ᠲᠤᠰ ᠬᠠᠤᠯᠢ ᠳᠤ ᠲᠣᠭᠲᠠᠭᠠᠭᠰᠠᠨ ᠬᠤᠭᠤᠴᠠᠭ᠎ᠠ ᠠᠴᠠ ᠬᠡᠲᠦᠷᠡᠭᠰᠡᠨ ᠺᠣᠮᠫᠠᠨᠢ ᠳᠤ ᠰᠢᠯᠵᠢᠯᠲᠡ ᠶᠢᠨ ᠬᠤᠭᠤᠴᠠᠭ᠎ᠠ ᠭᠠᠷᠭᠠᠵᠤ᠂ ᠪᠡᠯᠡ | ᠭᠠᠷᠭᠠᠬᠤ ᠬᠤᠭᠤᠴᠠᠭ᠎ᠠ ᠶᠢ ᠨᠢ ᠠᠯᠬᠤᠮ ᠠᠯᠬᠤᠮ ᠢᠶᠠᠷ ᠲᠤᠰ ᠬᠠᠤᠯᠢ ᠳᠤ ᠲᠣᠭᠲᠠᠭᠠᠭᠰᠠᠨ ᠬᠤᠭᠤᠴᠠᠭᠠᠨ ᠤ ᠳᠣᠲᠣᠷ᠎ᠠ ᠲᠣᠬᠢᠷᠠᠭᠤᠯᠬᠤ ᠪᠠᠷ ᠱᠠᠭᠠᠷᠳᠠᠨ᠎ᠠ᠃ | 2.ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠳᠤ ᠡᠷᠬᠡ ᠣᠯᠭᠤᠭᠰᠠᠨ ᠬᠥᠷᠥᠩᠭᠡ ᠶᠢᠨ ᠳᠦᠷᠢᠮ ᠢ ᠣᠷᠣᠭᠤᠯᠪᠠ᠄ ᠺᠣᠮᠫᠠᠨᠢ ᠶᠢᠨ ᠳᠦᠷᠢᠮ ᠪᠤᠶᠤ | ᠬᠤᠪᠢ ᠣᠷᠣᠭᠤᠯᠤᠭᠴᠢᠳ ᠤᠨ ᠵᠥᠪᠯᠡᠯ ᠠᠴᠠ ᠬᠡᠷᠡᠭ ᠮᠡᠳᠡᠭᠴᠢᠳ ᠤᠨ ᠵᠥᠪᠯᠡᠯ ᠳᠤ ᠡᠷᠬᠡ ᠣᠯᠭᠤᠵᠤ ᠬᠤᠪᠢ ᠲᠠᠷᠬᠠᠭᠠᠬᠤ ᠶᠢ ᠵᠥᠪᠰᠢᠶᠡᠷᠡᠬᠦ ᠶᠢᠨ ᠬᠠᠮᠲᠤ | ᠡᠭᠦᠰᠬᠡᠨ ᠪᠠᠶᠢᠭᠤᠯᠤᠭᠴᠢᠳ ᠢ ᠬᠤᠪᠢ ᠠᠪᠬᠤ ᠵᠣᠭᠤᠰ ᠪᠠᠨ ᠪᠦᠬᠦ ᠲᠤᠭ᠎ᠠ ᠪᠠᠷ ᠨᠢ ᠲᠤᠰᠢᠶᠠᠯᠭᠠᠬᠤ ᠪᠠᠷ ᠱᠠᠭᠠᠷᠳᠠᠵᠤ᠂ ᠺᠣᠮᠫᠠᠨᠢ ᠪᠠᠶᠢᠭᠤᠯᠬᠤ ᠳᠤ ᠲᠦᠬᠦᠮ | ᠦᠵᠡᠭᠦᠯᠵᠦ᠂ ᠪᠡᠯᠡ ᠴᠤᠭᠯᠠᠭᠤᠯᠬᠤ ᠠᠮᠢᠳᠤᠯᠢᠭ ᠴᠢᠨᠠᠷ ᠢ ᠳᠡᠭᠡᠭᠰᠢᠯᠡᠭᠦᠯᠬᠦ ᠮᠥᠷᠲᠡᠭᠡᠨ ᠪᠠᠰᠠ ᠳᠠᠩᠰᠠᠯᠠᠭᠤᠯᠤᠭᠰᠠᠨ ᠬᠥᠷᠥᠩᠭᠡ ᠶᠢᠨ ᠬᠡᠶᠢᠰᠪᠦᠷᠢᠯᠡᠯ ᠢ ᠪᠠᠭᠠᠰᠬᠠᠬᠤ | ᠵᠡᠷᠭᠡ ᠠᠰᠠᠭᠤᠳᠠᠯ ᠪᠣᠯᠣᠨ᠎ᠠ᠃ | 3.ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠨᠢ ᠲᠡᠷᠢᠭᠦᠯᠡᠬᠦ ᠬᠤᠪᠢ ᠪᠠ ᠮᠠᠭᠤ ᠬᠤᠪᠢ ᠣᠷᠣᠭᠤᠯᠤᠯᠲᠠ᠂ ᠣᠨᠴᠠᠭᠠᠶ ᠪᠠᠲᠤᠯᠠᠬᠤ ᠡᠷᠬᠡ ᠲᠠᠢ | ᠬᠤᠪᠢ᠂ ᠬᠢᠵᠠᠭᠠᠷᠯᠠᠭᠳᠠᠭᠰᠠᠨ ᠬᠤᠪᠢ ᠵᠡᠷᠭᠡ ᠲᠤᠶᠢᠷᠦᠯ ᠢᠯᠭᠠᠯ ᠤᠨ ᠬᠤᠪᠢ ᠶᠢ ᠰᠢᠯᠵᠢᠭᠦᠯᠦᠨ ᠥᠭᠴᠦ ᠪᠣᠯᠣᠨ᠎ᠠ ᠭᠡᠵᠦ ᠲᠣᠭᠲᠠᠭᠠᠵᠠᠢ᠃ | 4. ᠺᠣᠮᠫᠠᠨᠢ ᠶᠢᠨ ᠳᠦᠷᠢᠮ ᠢᠶᠠᠨ ᠦᠨᠳᠦᠰᠦᠯᠡᠨ ᠨᠢᠭᠤᠷ ᠤᠨ ᠲᠤᠭ᠎ᠠ ᠲᠠᠢ ᠬᠤᠪᠢ ᠪᠤᠶᠤ ᠨᠢᠭᠤᠷ ᠤᠨ ᠲᠤᠭ᠎ᠠ ᠦᠭᠡᠢ ᠬᠤᠪᠢ ᠶᠢ ᠰᠣᠩᠭᠤᠵᠤ | ᠬᠡᠷᠡᠭᠯᠡᠬᠦ ᠶᠢ ᠵᠥᠪᠰᠢᠶᠡᠷᠡᠨ᠎ᠡ᠃ | 5.ᠺᠣᠮᠫᠠᠨᠢ ᠶᠢᠨ ᠲᠣᠭᠲᠠᠭᠠᠯ ᠶᠣᠰᠣᠭᠠᠷ ᠬᠥᠷᠥᠩᠭᠡ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠪᠠᠷ ᠠᠯᠳᠠᠭᠳᠠᠯ ᠢᠶᠠᠨ ᠨᠥᠬᠦᠪᠦᠷᠢᠯᠡᠬᠦ ᠶᠢ | ᠵᠥᠪᠰᠢᠶᠡᠷᠡᠨ᠎ᠡ᠃ | 6.ᠬᠥᠷᠥᠩᠭᠡ ᠬᠠᠰᠤᠬᠤ ᠲᠦᠭᠦᠮ ᠳᠦᠷᠢᠮ ᠢ ᠲᠣᠭᠲᠠᠭᠠᠪᠠ᠄ ᠺᠣᠮᠫᠠᠨᠢ ᠶᠢᠨ ᠲᠣᠭᠲᠠᠭᠠᠯ ᠶᠣᠰᠣᠭᠠᠷ ᠳᠠᠩᠰᠠᠯᠠᠭᠤᠯᠤᠭᠰᠠᠨ ᠬᠥᠷᠥᠩᠭᠡ ᠪᠠᠨ ᠪᠠᠭᠠᠰᠬᠠᠬᠤ | ᠠᠷᠭ᠎ᠠ ᠮᠠᠶ᠋ᠢᠭ ᠢᠶᠠᠷ ᠳᠠᠮᠵᠢᠭᠤᠯᠤᠨ ᠠᠯᠳᠠᠭᠳᠠᠯ ᠢᠶᠠᠨ ᠨᠥᠬᠦᠪᠦᠷᠢᠯᠡᠬᠦ ᠶᠢ ᠵᠥᠪᠰᠢᠶᠡᠷᠡᠨ᠎ᠡ᠂ ᠭᠡᠪᠡᠴᠦ ᠬᠤᠪᠢ ᠣᠷᠣᠭᠤᠯᠤᠭᠴᠢᠳ ᠲᠤ ᠬᠤᠪᠢᠶᠠᠷᠢᠯᠠᠵᠤ ᠪᠣᠯᠬᠤ ᠦᠭᠡᠢ᠂ | ᠬᠤᠪᠢ ᠣᠷᠣᠭᠤᠯᠤᠭᠴᠢᠳ ᠤᠨ ᠭᠠᠷᠭᠠᠭᠰᠠᠨ ᠪᠡᠯᠡ ᠪᠤᠶᠤ ᠬᠤᠪᠢ ᠠᠪᠬᠤ ᠵᠣᠭᠤᠰ ᠲᠤᠰᠢᠶᠠᠬᠤ ᠡᠭᠦᠷᠭᠡ ᠶᠢ ᠴᠦ ᠬᠡᠯᠲᠦᠷᠢᠭᠦᠯᠵᠦ ᠪᠣᠯᠬᠤ ᠦᠭᠡᠢ᠃ | 7.ᠬᠤᠪᠢ ᠣᠷᠣᠭᠤᠯᠤᠭᠴᠢᠳ ᠤᠨ ᠲᠣᠭᠲᠠᠭᠰᠠᠨ ᠬᠤᠭᠤᠴᠠᠭᠠᠨ ᠳᠤ ᠭᠠᠷᠭᠠᠭᠰᠠᠨ ᠪᠡᠯᠡ ᠪᠠᠨ ᠦᠯᠦ ᠲᠤᠰᠢᠶᠠᠭᠰᠠᠨ ᠡᠷᠬᠡ ᠪᠠᠨ ᠠᠯᠳᠠᠬᠤ ᠳᠦᠷᠢᠮ᠂ | ᠬᠤᠪᠢ ᠣᠷᠣᠭᠤᠯᠤᠭᠴᠢᠳ ᠤᠨ ᠲᠤᠰᠢᠶᠠᠭᠰᠠᠨ ᠪᠡᠯᠡ ᠪᠠᠨ ᠲᠦᠷᠭᠡᠨ ᠲᠤᠰᠢᠶᠠᠬᠤ ᠬᠤᠭᠤᠴᠠᠭ᠎ᠠ ᠲᠤᠯᠬᠤ ᠳᠦᠷᠢᠮ ᠢ ᠨᠡᠮᠡᠭᠳᠡᠭᠦᠯᠵᠦ᠂ ᠰᠲ᠋ᠣᠺ ᠤᠨ ᠡᠷᠬᠡ ᠶᠢ | ᠰᠢᠯᠵᠢᠭᠦᠯᠦᠨ ᠥᠭᠭᠦᠭᠰᠡᠨ ᠤ ᠲᠠᠷᠠᠭ᠎ᠠ ᠰᠢᠯᠵᠢᠭᠦᠯᠦᠨ ᠥᠭᠭᠦᠭᠴᠢ᠂ ᠰᠢᠯᠵᠢᠭᠦᠯᠦᠨ ᠠᠪᠤᠭᠴᠢ ᠶᠢᠨ ᠬᠠᠷᠢᠭᠤᠴᠠᠯᠭ᠎ᠠ ᠶᠢ ᠲᠣᠭᠲᠠᠭᠠᠨ᠎ᠠ᠃ | ᠬᠤᠶᠠᠷ᠂ ᠺᠣᠮᠫᠠᠨᠢ ᠶᠢᠨ ᠵᠠᠰᠠᠯᠲᠠ ᠶᠢ ᠰᠢᠯᠢᠳᠡᠭᠵᠢᠭᠦᠯᠪᠡ | 1.ᠺᠣᠮᠫᠠᠨᠢ ᠳᠤ ᠵᠥᠪᠬᠡᠨ ᠬᠡᠷᠡᠭ ᠮᠡᠳᠡᠭᠴᠢᠳ ᠤᠨ ᠵᠥᠪᠯᠡᠯ ᠪᠠᠶᠢᠭᠤᠯᠵᠤ᠂ ᠬᠡᠷᠡᠭ ᠬᠢᠨᠠᠭᠴᠢᠳ ᠤᠨ ᠵᠥᠪᠯᠡᠯ ᠪᠠᠶᠢᠭᠤᠯᠬᠤ ᠦᠭᠡᠢ ᠪᠠᠶᠢᠬᠤ ᠶᠢ | ᠵᠥᠪᠰᠢᠶᠡᠷᠡᠨ᠎ᠡ᠄ ᠺᠣᠮᠫᠠᠨᠢ ᠳᠤ ᠵᠥᠪᠬᠡᠨ ᠬᠡᠷᠡᠭ ᠮᠡᠳᠡᠭᠴᠢᠳ ᠤᠨ ᠵᠥᠪᠯᠡᠯ ᠪᠠᠶᠢᠭᠤᠯᠤᠭᠰᠠᠨ ᠪᠠᠶᠢᠪᠠᠯ᠂ ᠬᠡᠷᠡᠭ ᠮᠡᠳᠡᠭᠴᠢᠳ ᠤᠨ ᠵᠥᠪᠯᠡᠯ ᠳᠤ ᠬᠢᠨᠠᠨ ᠪᠤᠳᠤᠬᠤ ᠺᠣᠮᠢᠰ | ᠪᠠᠶᠢᠭᠤᠯᠵᠤ ᠬᠢᠨᠠᠭᠴᠢᠳ ᠤᠨ ᠵᠥᠪᠯᠡᠯ ᠤᠨ ᠡᠷᠬᠡ ᠲᠤᠰᠢᠶᠠᠯ ᠢ ᠭᠦᠢᠴᠡᠳᠬᠡᠭᠦᠯᠬᠦ ᠬᠡᠷᠡᠭᠲᠡᠢ᠃ | 2.ᠺᠣᠮᠫᠠᠨᠢ ᠶᠢᠨ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ ᠶᠢᠨ ᠪᠠᠶᠢᠷᠢᠯᠠᠭᠤᠯᠤᠯᠲᠠ ᠶᠢ ᠳᠥᠭᠦᠮᠴᠢᠯᠡᠨ᠎ᠡ᠄ ᠬᠡᠪᠴᠢᠶ᠎ᠡ ᠪᠠᠷ ᠨᠡᠯᠢᠶᠡᠳ ᠪᠠᠭ᠎ᠠ ᠪᠤᠶᠤ | ᠬᠤᠪᠢ ᠣᠷᠣᠭᠤᠯᠤᠭᠴᠢ ᠶᠢᠨ ᠬᠥᠮᠥᠨ ᠤ ᠲᠤᠭ᠎ᠠ ᠨᠢ ᠨᠡᠯᠢᠶᠡᠳ ᠴᠥᠭᠡᠨ ᠺᠣᠮᠫᠠᠨᠢ ᠳᠤ ᠬᠡᠷᠡᠭ ᠮᠡᠳᠡᠭᠴᠢᠳ ᠤᠨ ᠵᠥᠪᠯᠡᠯ ᠪᠠᠶᠢᠭᠤᠯᠬᠤ ᠦᠭᠡᠢ᠂ ᠨᠢᠭᠡ ᠬᠡᠷᠡᠭ | ᠮᠡᠳᠡᠭᠴᠢ ᠭᠠᠷᠭᠠᠵᠤ᠂ ᠬᠢᠨᠠᠭᠴᠢᠳ ᠤᠨ ᠵᠥᠪᠯᠡᠯ ᠪᠠᠶᠢᠭᠤᠯᠬᠤ ᠦᠭᠡᠢ᠂ ᠨᠢᠭᠡ ᠬᠢᠨᠠᠭᠴᠢ ᠭᠠᠷᠭᠠᠵᠤ ᠪᠣᠯᠣᠨ᠎ᠠ︔ ᠬᠡᠪᠴᠢᠶ᠎ᠡ ᠪᠠᠷ ᠨᠡᠯᠢᠶᠡᠳ ᠪᠠᠭ᠎ᠠ ᠪᠤᠶᠤ ᠬᠤᠪᠢ | ᠣᠷᠣᠭᠤᠯᠤᠭᠴᠢ ᠶᠢᠨ ᠬᠥᠮᠥᠨ ᠤ ᠲᠤᠭ᠎ᠠ ᠨᠢ ᠨᠡᠯᠢᠶᠡᠳ ᠴᠥᠭᠡᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠳᠤ ᠪᠣᠯ ᠪᠦᠬᠦ ᠬᠤᠪᠢ ᠣᠷᠣᠭᠤᠯᠤᠭᠴᠢᠳ ᠢᠶᠠᠷ ᠰᠠᠨᠠᠯ | ᠨᠢᠭᠡᠲᠡᠢ ᠵᠥᠪᠰᠢᠶᠡᠷᠡᠭᠦᠯᠦᠭᠡᠳ ᠬᠢᠨᠠᠭᠴᠢ ᠭᠠᠷᠭᠠᠬᠤ ᠦᠭᠡᠢ ᠪᠠᠶᠢᠵᠤ ᠪᠣᠯᠣᠨ᠎ᠠ᠃ | 3.ᠠᠵᠢᠯᠲᠠᠨ ᠠᠵᠢᠯᠴᠢᠨ ᠤ ᠺᠣᠮᠫᠠᠨᠢ ᠶᠢᠨ ᠠᠷᠠᠳᠴᠢᠯᠠᠭᠰᠠᠨ ᠬᠠᠮᠢᠶᠠᠷᠤᠯᠲᠠ ᠳᠤ ᠣᠷᠣᠯᠴᠠᠬᠤ ᠶᠢ ᠨᠠᠩ ᠰᠠᠶᠢᠨ ᠪᠠᠲᠤᠯᠠᠬᠤ ᠶᠢᠨ ᠲᠥᠯᠥᠭᠡ᠄ ᠠᠵᠢᠯᠲᠠᠨ | ᠠᠵᠢᠯᠴᠢᠨ ᠤ ᠲᠤᠭ᠎ᠠ ᠶᠢ ᠭᠤᠷᠪᠠᠨ ᠵᠠᠭᠤ ᠠᠴᠠ ᠳᠡᠭᠡᠭᠰᠢ ᠭᠡᠵᠦ ᠲᠣᠭᠲᠠᠭᠠᠭᠰᠠᠨ ᠺᠣᠮᠫᠠᠨᠢ ᠳᠤ ᠬᠠᠤᠯᠢ ᠶᠣᠰᠣᠭᠠᠷ ᠬᠢᠨᠠᠭᠴᠢᠳ ᠤᠨ ᠵᠥᠪᠯᠡᠯ ᠪᠠᠶᠢᠭᠤᠯᠤᠭᠰᠠᠨ | ᠪᠥᠭᠡᠳ ᠺᠣᠮᠫᠠᠨᠢ ᠶᠢᠨ ᠠᠵᠢᠯᠲᠠᠨ ᠠᠵᠢᠯᠴᠢᠨ ᠤ ᠲᠥᠯᠥᠭᠡᠯᠡᠭᠴᠢ ᠲᠠᠢ ᠪᠠᠶᠢᠬᠤ ᠶᠢ ᠭᠠᠷᠭᠠᠪᠠᠯ᠂ ᠲᠡᠭᠦᠨ ᠤ ᠬᠡᠷᠡᠭ ᠮᠡᠳᠡᠭᠴᠢᠳ ᠤᠨ ᠵᠥᠪᠯᠡᠯ ᠤᠨ ᠪᠦᠷᠢᠯᠳᠦᠭᠦᠨ ᠤ | ᠳᠣᠲᠣᠷ᠎ᠠ ᠺᠣᠮᠫᠠᠨᠢ ᠶᠢᠨ ᠠᠵᠢᠯᠲᠠᠨ ᠠᠵᠢᠯᠴᠢᠨ ᠤ ᠲᠥᠯᠥᠭᠡᠯᠡᠭᠴᠢ ᠪᠠᠶᠢᠬᠤ ᠬᠡᠷᠡᠭᠲᠡᠢ᠃ ᠺᠣᠮᠫᠠᠨᠢ ᠶᠢᠨ ᠬᠡᠷᠡᠭ ᠮᠡᠳᠡᠭᠴᠢᠳ ᠤᠨ ᠵᠥᠪᠯᠡᠯ ᠤᠨ ᠪᠦᠷᠢᠯᠳᠦᠭᠦᠨ ᠤ | ᠳᠣᠲᠣᠷᠠᠬᠢ ᠠᠵᠢᠯᠲᠠᠨ ᠠᠵᠢᠯᠴᠢᠨ ᠤ ᠲᠥᠯᠥᠭᠡᠯᠡᠭᠴᠢ ᠨᠢ ᠬᠢᠨᠠᠨ ᠪᠤᠳᠦᠬᠤ ᠺᠣᠮᠢᠰ ᠤᠨ ᠪᠦᠷᠢᠯᠳᠦᠭᠦᠨ ᠪᠣᠯᠵᠤ ᠪᠣᠯᠣᠨ᠎ᠠ᠃ | 4.ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠬᠡᠷᠡᠭ ᠮᠡᠳᠡᠭᠴᠢᠳ ᠤᠨ ᠵᠥᠪᠯᠡᠯ ᠤᠨ ᠬᠢᠨᠠᠨ ᠪᠤᠳᠤᠬᠤ ᠺᠣᠮᠢᠰ ᠪᠠ ᠰᠲ᠋ᠣᠺ ᠢᠶᠠᠨ ᠵᠠᠬ᠎ᠠ | ᠳᠡᠯᠭᠡᠭᠦᠷ ᠲᠤ ᠭᠠᠷᠭᠠᠭᠰᠠᠨ ᠺᠣᠮᠫᠠᠨᠢ ᠶᠢᠨ ᠬᠡᠷᠡᠭ ᠮᠡᠳᠡᠭᠴᠢᠳ ᠤᠨ ᠵᠥᠪᠯᠡᠯ ᠤᠨ ᠬᠢᠨᠠᠨ ᠪᠤᠳᠤᠬᠤ ᠺᠣᠮᠢᠰ ᠤᠨ ᠬᠡᠷᠡᠭ ᠵᠥᠪᠯᠡᠬᠦ ᠠᠷᠭ᠎ᠠ ᠮᠠᠶ᠋ᠢᠭ ᠪᠠ ᠪᠠᠲᠤᠯᠠᠬᠤ | ᠵᠢᠷᠤᠮ ᠤᠨ ᠲᠤᠬᠠᠢ ᠲᠣᠭᠲᠠᠭᠠᠯ ᠭᠠᠷᠭᠠᠵᠠᠢ᠃ | ᠭᠤᠷᠪᠠ᠂ ᠬᠤᠪᠢ ᠣᠷᠣᠭᠤᠯᠤᠭᠴᠢ ᠶᠢᠨ ᠡᠷᠬᠡ ᠶᠢᠨ ᠬᠠᠮᠠᠭᠠᠯᠠᠯᠲᠠ ᠶᠢ ᠴᠢᠩᠭᠠᠳᠬᠠᠪᠠ | 1. ᠬᠤᠪᠢ ᠣᠷᠣᠭᠤᠯᠤᠭᠴᠢ ᠶᠢᠨ ᠪᠠᠶᠢᠳᠠᠯ ᠢ ᠮᠡᠳᠡᠬᠦ ᠡᠷᠬᠡ ᠶᠢ ᠴᠢᠩᠭᠠᠷᠠᠭᠤᠯᠤᠨ᠎ᠠ᠄ᠬᠤᠪᠢ ᠣᠷᠣᠭᠤᠯᠤᠭᠴᠢ ᠶᠢᠨ ᠮᠠᠲ᠋ᠧᠷᠢᠶᠠᠯ ᠪᠠᠶᠢᠴᠠᠭᠠᠨ ᠦᠵᠡᠬᠦ | ᠬᠦᠷᠢᠶ᠎ᠡ ᠬᠡᠪᠴᠢᠶ᠎ᠡ ᠶᠢ ᠥᠷᠭᠡᠳᠬᠡᠵᠦ᠂ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠬᠤᠪᠢ ᠣᠷᠣᠭᠤᠯᠤᠭᠴᠢ ᠶᠢᠨ ᠨᠢᠭᠲᠠᠯᠠᠨ ᠪᠤᠳᠤᠬᠤ ᠭᠡᠷᠡᠴᠢ ᠪᠠᠷᠢᠮᠲᠠ ᠶᠢ | ᠪᠠᠶᠢᠴᠠᠭᠠᠨ ᠦᠵᠡᠬᠦ᠂ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠨᠥᠬᠦᠴᠡᠯ ᠳᠤ ᠨᠡᠶᠢᠴᠡᠭᠰᠡᠨ ᠬᠤᠪᠢ ᠣᠷᠣᠭᠤᠯᠤᠭᠴᠢ ᠶᠢᠨ ᠨᠢᠭᠲᠠᠯᠠᠨ ᠪᠤᠳᠤᠬᠤ ᠲᠠᠩᠰᠠ | ᠬᠠᠷ᠎ᠠ ᠪᠠ ᠨᠢᠭᠲᠠᠯᠠᠨ ᠪᠤᠳᠤᠬᠤ ᠭᠡᠷᠡᠴᠢ ᠪᠠᠷᠢᠮᠲᠠ ᠶᠢ ᠪᠠᠶᠢᠴᠠᠭᠠᠨ ᠦᠵᠡᠬᠦ ᠶᠢ ᠵᠥᠪᠰᠢᠶᠡᠷᠡᠵᠦ᠂ ᠬᠤᠪᠢ ᠣᠷᠣᠭᠤᠯᠤᠭᠴᠢ ᠶᠢᠨ ᠪᠦᠷᠢᠨ ᠪᠡᠯᠡᠳᠦ ᠺᠣᠮᠫᠠᠨᠢ ᠶᠢᠨ | ᠬᠤᠯᠪᠣᠭᠳᠠᠯ ᠪᠦᠬᠦᠢ ᠮᠠᠲ᠋ᠧᠷᠢᠶᠠᠯ ᠢ ᠪᠠᠶᠢᠴᠠᠭᠠᠨ ᠦᠵᠡᠬᠦ᠂ ᠪᠠᠭᠤᠯᠭᠠᠨ ᠠᠪᠬᠤ ᠶᠢ ᠵᠥᠪᠰᠢᠶᠡᠷᠡᠨ᠎ᠡ᠃ | 2.ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠬᠤᠪᠢ ᠣᠷᠣᠭᠤᠯᠤᠭᠴᠢᠳ ᠤᠨ ᠲᠦᠷ ᠴᠠᠭ ᠤᠨ ᠬᠤᠪᠢ ᠣᠷᠣᠭᠤᠯᠤᠭᠴᠢᠳ ᠤᠨ ᠵᠥᠪᠯᠡᠯ ᠤᠨ | ᠬᠤᠷᠠᠯᠳᠤᠭᠠᠨ ᠢ ᠬᠤᠷᠠᠯᠳᠤᠭᠤᠯᠬᠤ ᠪᠠᠷ ᠭᠤᠶᠤᠴᠢᠯᠠᠬᠤ ᠵᠢᠷᠤᠮ ᠢ ᠲᠡᠭᠦᠯᠳᠡᠷᠵᠢᠭᠦᠯᠵᠦ᠂ ᠬᠤᠪᠢ ᠣᠷᠣᠭᠤᠯᠤᠭᠴᠢᠳ ᠤᠨ ᠲᠦᠷ ᠴᠠᠭ ᠤᠨ ᠰᠠᠨᠠᠯ ᠵᠥᠪᠯᠡᠯᠭᠡ | ᠳᠤᠷᠠᠳᠬᠤ ᠡᠷᠬᠡ ᠶᠢᠨ ᠲᠤᠬᠠᠢ ᠲᠣᠭᠲᠠᠭᠠᠯ ᠢ ᠲᠡᠭᠦᠯᠳᠡᠷᠵᠢᠭᠦᠯᠵᠦ᠂ ᠬᠤᠪᠢ ᠣᠷᠣᠭᠤᠯᠤᠭᠴᠢᠳ ᠤᠨ ᠺᠣᠮᠫᠠᠨᠢ ᠶᠢᠨ ᠵᠠᠰᠠᠯᠲᠠ ᠳᠤ ᠠᠷᠠᠳᠴᠢᠯᠠᠯ ᠢᠶᠠᠷ ᠣᠷᠤᠯᠴᠠᠬᠤ ᠶᠢ | ᠴᠢᠩᠭᠠᠳᠬᠠᠨ᠎ᠠ᠃ | 3.ᠺᠣᠮᠫᠠᠨᠢ ᠶᠢᠨ ᠬᠤᠪᠢ ᠡᠵᠡᠮᠳᠡᠬᠦ ᠬᠤᠪᠢ ᠣᠷᠣᠭᠤᠯᠤᠭᠴᠢ ᠨᠢ ᠬᠤᠪᠢ ᠣᠷᠣᠭᠤᠯᠤᠭᠴᠢ ᠶᠢᠨ ᠡᠷᠬᠡ ᠪᠠᠨ ᠳᠤᠷ᠎ᠠ ᠪᠠᠷ ᠢᠶᠠᠨ ᠬᠡᠷᠡᠭᠯᠡᠵᠦ᠂ ᠺᠣᠮᠫᠠᠨᠢ | ᠪᠤᠶᠤ ᠪᠤᠰᠤᠳ ᠬᠤᠪᠢ ᠣᠷᠣᠭᠤᠯᠤᠭᠴᠢ ᠶᠢᠨ ᠠᠰᠢᠭ ᠲᠤᠰᠠ ᠶᠢ ᠬᠦᠨᠳᠦ ᠨᠣᠴᠢᠲᠠᠢ ᠬᠤᠬᠢᠷᠠᠭᠤᠯᠤᠭᠰᠠᠨ ᠪᠠᠶᠢᠪᠠᠯ᠂ ᠪᠤᠰᠤᠳ ᠬᠤᠪᠢ ᠣᠷᠣᠭᠤᠯᠤᠭᠴᠢ ᠨᠢ | ᠺᠣᠮᠫᠠᠨᠢ ᠳᠤ ᠵᠦᠢ ᠵᠣᠬᠢᠰᠲᠠᠢ ᠦᠨ᠎ᠡ ᠪᠠᠷ ᠰᠲ᠋ᠣᠺ ᠤᠨ ᠡᠷᠬᠡ ᠪᠠᠨ ᠬᠤᠳᠠᠯᠳᠤᠨ ᠠᠪᠤᠭᠤᠯᠬᠤ ᠪᠠᠷ ᠭᠤᠶᠤᠴᠢᠯᠠᠬᠤ ᠡᠷᠬᠡ ᠲᠠᠢ ᠭᠡᠵᠦ ᠲᠣᠭᠲᠠᠭᠠᠵᠠᠢ᠃ | 4.ᠺᠣᠮᠫᠠᠨᠢ ᠳᠠᠩᠰᠠᠯᠠᠭᠤᠯᠤᠭᠰᠠᠨ ᠬᠥᠷᠥᠩᠭᠡ ᠪᠠᠨ ᠪᠠᠭᠠᠰᠬᠠᠬᠤ ᠳᠠᠭᠠᠨ ᠬᠤᠪᠢ ᠣᠷᠣᠭᠤᠯᠤᠭᠴᠢᠳ ᠤᠨ ᠪᠡᠯᠡ ᠭᠠᠷᠭᠠᠭᠰᠠᠨ ᠪᠤᠶᠤ ᠡᠵᠡᠮᠰᠢᠵᠦ ᠪᠠᠶᠢᠭ᠎ᠠ | ᠬᠤᠪᠢ ᠶᠢᠨ ᠬᠠᠷᠢᠴᠠᠯ ᠢᠶᠠᠷ ᠪᠡᠯᠡ ᠭᠠᠷᠭᠠᠭᠰᠠᠨ ᠲᠤᠭ᠎ᠠ ᠪᠤᠶᠤ ᠬᠤᠪᠢ ᠪᠠᠨ ᠵᠣᠬᠢᠴᠠᠩᠭᠤᠢ ᠪᠠᠷ ᠪᠠᠭᠠᠰᠬᠠᠬᠤ ᠬᠡᠷᠡᠭᠲᠡᠢ ᠭᠡᠵᠦ ᠲᠣᠭᠲᠠᠭᠠᠵᠠᠢ᠂ ᠬᠠᠤᠯᠢ ᠴᠠᠭᠠᠵᠠ ᠳᠤ | ᠠᠰᠲᠠᠭᠠᠨ ᠲᠣᠭᠲᠠᠭᠠᠯ ᠲᠠᠢ᠂ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠪᠦᠬᠦ ᠬᠤᠪᠢ ᠣᠷᠣᠭᠤᠯᠤᠭᠴᠢ ᠠᠰᠲᠠᠭᠠᠨ ᠪᠣᠯᠵᠣᠯ ᠲᠠᠢ ᠪᠤᠶᠤ ᠬᠤᠪᠢ | ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠳᠦᠷᠢᠮ ᠳᠤ ᠠᠰᠲᠠᠭᠠᠨ ᠲᠣᠭᠲᠠᠭᠠᠯ ᠲᠠᠢ ᠪᠠᠶᠢᠪᠠᠯ ᠡᠭᠦᠨ ᠳᠤ ᠪᠠᠭᠲᠠᠬᠤ ᠦᠭᠡᠢ᠃ | 5.ᠬᠤᠪᠢ ᠣᠷᠣᠭᠤᠯᠤᠭᠴᠢ ᠠᠴᠠ ᠺᠣᠮᠫᠠᠨᠢ ᠶᠢᠨ ᠪᠦᠷᠢᠨ ᠪᠡᠯᠡᠳᠦ ᠬᠦᠦ ᠺᠣᠮᠫᠠᠨᠢ ᠶᠢᠨ ᠬᠡᠷᠡᠭ ᠮᠡᠳᠡᠭᠴᠢ᠂ ᠬᠡᠷᠡᠭ ᠬᠢᠨᠠᠭᠴᠢ᠂ ᠳᠡᠭᠡᠳᠦ ᠵᠡᠷᠭᠡ ᠶᠢᠨ | ᠬᠠᠮᠢᠶᠠᠷᠤᠯᠲᠠ ᠶᠢᠨ ᠠᠵᠢᠯᠲᠠᠨ ᠵᠡᠷᠭᠡ ᠳᠤ ᠲᠥᠯᠥᠭᠡᠯᠡᠭᠴᠢ ᠶᠢᠨ ᠵᠠᠭᠠᠯᠳᠤᠯᠭ᠎ᠠ ᠭᠠᠷᠭᠠᠬᠤ ᠶᠢ ᠵᠥᠪᠰᠢᠶᠡᠷᠡᠨ᠎ᠡ᠃ | ᠳᠥᠷᠪᠡ᠂ ᠬᠤᠪᠢ ᠡᠵᠡᠮᠳᠡᠬᠦ ᠬᠤᠪᠢ ᠣᠷᠣᠭᠤᠯᠤᠭᠴᠢ᠂ ᠪᠣᠳᠠᠲᠠᠢ ᠡᠵᠡᠮᠳᠡᠭᠴᠢ ᠪᠠ ᠬᠡᠷᠡᠭ ᠮᠡᠳᠡᠭᠴᠢ᠂ ᠬᠡᠷᠡᠭ ᠬᠢᠨᠠᠭᠴᠢ᠂ ᠳᠡᠭᠡᠳᠦ ᠵᠡᠷᠭᠡ ᠶᠢᠨ | ᠬᠠᠮᠢᠶᠠᠷᠤᠯᠲᠠ ᠶᠢᠨ ᠠᠵᠢᠯᠲᠠᠨ ᠤ ᠬᠠᠷᠢᠭᠤᠴᠠᠯᠭ᠎ᠠ ᠶᠢ ᠴᠢᠩᠭᠠᠷᠠᠭᠤᠯᠪᠠ | 1.ᠦᠨᠡᠨᠴᠢ ᠰᠢᠳᠤᠷᠭᠤ ᠪᠠ ᠬᠢᠴᠢᠶᠡᠨ ᠴᠢᠷᠮᠠᠶᠢᠬᠤ ᠡᠭᠦᠷᠭᠡ ᠶᠢᠨ ᠪᠣᠳᠠᠲᠠᠢ ᠠᠭᠤᠯᠭ᠎ᠠ ᠶᠢ ᠲᠡᠭᠦᠯᠳᠡᠷᠵᠢᠭᠦᠯᠦᠨ᠎ᠡ᠃ | 2. ᠬᠡᠷᠡᠭ ᠮᠡᠳᠡᠭᠴᠢ᠂ ᠬᠡᠷᠡᠭ ᠬᠢᠨᠠᠭᠴᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠲᠠᠨ ᠤ ᠺᠣᠮᠫᠠᠨᠢ ᠯᠤᠭ᠎ᠠ ᠬᠤᠯᠪᠣᠭᠳᠠᠬᠤ ᠠᠷᠠᠯᠵᠢᠶ᠎ᠠ ᠵᠡᠷᠭᠡ ᠶᠢᠨ | ᠵᠢᠷᠤᠮᠵᠢᠯ ᠢ ᠴᠢᠩᠭᠠᠳᠬᠠᠵᠤ᠂ ᠬᠤᠯᠪᠣᠭᠳᠠᠬᠤ ᠠᠷᠠᠯᠵᠢᠶ᠎ᠠ ᠵᠡᠷᠭᠡ ᠶᠢᠨ ᠮᠡᠳᠡᠭᠦᠯᠬᠦ ᠡᠭᠦᠷᠭᠡ ᠪᠠ ᠵᠠᠶᠢᠯᠠᠬᠤ ᠶᠢ ᠪᠠᠲᠤᠯᠠᠬᠤ ᠳᠦᠷᠢᠮ ᠢ ᠨᠡᠮᠡᠭᠳᠡᠭᠦᠯᠦᠨ᠎ᠡ᠃ | 3. ᠬᠡᠷᠡᠭ ᠮᠡᠳᠡᠭᠴᠢ᠂ ᠬᠡᠷᠡᠭ ᠬᠢᠨᠠᠭᠴᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠲᠠᠨ ᠤ ᠺᠣᠮᠫᠠᠨᠢ ᠶᠢᠨ ᠬᠥᠷᠥᠩᠭᠡ ᠪᠠᠨ ᠲᠡᠭᠦᠯᠳᠡᠷᠵᠢᠭᠦᠯᠬᠦ ᠶᠢ | ᠬᠠᠮᠠᠭᠠᠯᠠᠬᠤ ᠬᠠᠷᠢᠭᠤᠴᠠᠯᠭ᠎ᠠ ᠶᠢ ᠴᠢᠩᠭᠠᠷᠠᠭᠤᠯᠤᠨ᠎ᠠ᠃ | 4.ᠬᠡᠷᠡᠭ ᠮᠡᠳᠡᠭᠴᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠲᠠᠨ ᠡᠭᠦᠷᠭᠡ ᠲᠤᠰᠢᠶᠠᠯ ᠢᠶᠠᠨ ᠭᠦᠢᠴᠡᠳᠬᠡᠬᠦ ᠳᠡᠭᠡᠨ ᠵᠣᠷᠢᠭᠤᠳᠠ ᠪᠤᠶᠤ ᠬᠦᠨᠳᠦ | ᠶᠡᠭᠡ ᠡᠡ᠊ᠨᠳᠡᠯ ᠲᠠᠢ ᠪᠠᠶᠢᠵᠤ᠂ ᠪᠤᠰᠤᠳ ᠲᠤ ᠬᠤᠬᠢᠷᠠᠯ ᠤᠴᠠᠷᠠᠭᠤᠯᠤᠭᠰᠠᠨ ᠪᠠᠶᠢᠪᠠᠯ᠂ ᠲᠥᠯᠥᠪᠦᠷᠢ ᠶᠢᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠢ ᠭᠡᠵᠦ ᠲᠣᠭᠲᠠᠭᠠᠵᠠᠢ᠃ | | 5.ᠺᠣᠮᠫᠠᠨᠢ ᠶᠢᠨ ᠬᠤᠪᠢ ᠡᠵᠡᠮᠳᠡᠬᠦ ᠬᠤᠪᠢ ᠣᠷᠣᠭᠤᠯᠤᠭᠴᠢ᠂ ᠪᠣᠳᠠᠲᠠᠢ ᠡᠵᠡᠮᠳᠡᠭᠴᠢ ᠶᠢ ᠺᠣᠮᠫᠠᠨᠢ ᠶᠢᠨ ᠬᠡᠷᠡᠭ ᠮᠡᠳᠡᠭᠴᠢ ᠶᠢᠨ ᠲᠤᠰᠢᠶᠠᠯ ᠢ ᠡᠭᠦᠷᠭᠡᠯᠡᠬᠦ | ᠦᠭᠡᠢ ᠪᠣᠯᠪᠠᠴᠤ ᠺᠣᠮᠫᠠᠨᠢ ᠶᠢᠨ ᠬᠡᠷᠡᠭ ᠶᠠᠪᠤᠳᠠᠯ ᠢ ᠪᠣᠳᠠᠲᠠᠢ ᠪᠠᠷ ᠭᠦᠢᠴᠡᠳᠬᠡᠬᠦ ᠪᠠᠷ ᠲᠣᠭᠲᠠᠭᠠᠭᠰᠠᠨ ᠪᠠᠶᠢᠪᠠᠯ᠂ ᠺᠣᠮᠫᠠᠨᠢ ᠳᠤ ᠦᠨᠡᠨᠴᠢ ᠰᠢᠳᠤᠷᠭᠤ ᠪᠠᠶᠢᠬᠤ ᠪᠠ | ᠬᠢᠴᠢᠶᠡᠨ ᠴᠢᠷᠮᠠᠶᠢᠬᠤ ᠡᠭᠦᠷᠭᠡ ᠲᠠᠢ᠃ | 6.ᠺᠣᠮᠫᠠᠨᠢ ᠶᠢᠨ ᠬᠤᠪᠢ ᠡᠵᠡᠮᠳᠡᠬᠦ ᠬᠤᠪᠢ ᠣᠷᠣᠭᠤᠯᠤᠭᠴᠢ᠂ ᠪᠣᠳᠠᠲᠠᠢ ᠡᠵᠡᠮᠳᠡᠭᠴᠢ ᠠᠴᠠ ᠬᠡᠷᠡᠭ ᠮᠡᠳᠡᠭᠴᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ | ᠠᠵᠢᠯᠲᠠᠨ ᠢ ᠺᠣᠮᠫᠠᠨᠢ ᠪᠤᠶᠤ ᠬᠤᠪᠢ ᠣᠷᠣᠭᠤᠯᠤᠭᠴᠢ ᠶᠢᠨ ᠠᠰᠢᠭ ᠲᠤᠰᠠ ᠶᠢ ᠬᠤᠬᠢᠷᠠᠭᠤᠯᠬᠤ ᠠᠵᠢᠯᠯᠠᠭ᠎ᠠ ᠬᠢᠯᠭᠡᠬᠦ ᠪᠠᠷ ᠵᠢᠭᠠᠪᠤᠷᠢᠯᠠᠭᠰᠠᠨ ᠪᠠᠶᠢᠪᠠᠯ᠂ ᠲᠤᠰ ᠬᠡᠷᠡᠭ | ᠮᠡᠳᠡᠭᠴᠢ᠂ ᠳᠡᠭᠡᠳᠦ ᠵᠡᠷᠭᠡ ᠶᠢᠨ ᠬᠠᠮᠢᠶᠠᠷᠤᠯᠲᠠ ᠶᠢᠨ ᠠᠵᠢᠯᠲᠠᠨ ᠲᠠᠢ ᠬᠠᠮᠲᠤ ᠬᠤᠯᠪᠣᠯᠳᠤᠭᠰᠠᠨ ᠬᠠᠷᠢᠭᠤᠴᠠᠯᠭ᠎ᠠ ᠡᠭᠦᠷᠭᠡᠯᠡᠨ᠎ᠡ᠃ | ᠲᠠᠪᠤ᠂ ᠺᠣᠮᠫᠠᠨᠢ ᠪᠠᠶᠢᠭᠤᠯᠬᠤ᠂ ᠤᠬᠤᠷᠢᠵᠤ ᠭᠠᠷᠬᠤ ᠲᠤᠶᠢᠷᠢᠮ ᠢ ᠲᠡᠭᠦᠯᠳᠡᠷᠵᠢᠭᠦᠯᠦᠨ᠎ᠡ | 1.ᠰᠢᠨ᠎ᠡ ᠪᠠᠷ ᠪᠠᠶᠢᠭᠤᠯᠤᠭᠰᠠᠨ ᠺᠣᠮᠫᠠᠨᠢ ᠶᠢᠨ ᠳᠠᠩᠰᠠᠯᠠᠯᠲᠠ ᠭᠡᠬᠦ ᠪᠦᠯᠦᠭ ᠲᠤ᠂ ᠺᠣᠮᠫᠠᠨᠢ ᠪᠠᠶᠢᠭᠤᠯᠬᠤ ᠳᠠᠩᠰᠠᠯᠠᠯᠲᠠ᠂ ᠬᠤᠪᠢᠷᠠᠭᠤᠯᠬᠤ ᠳᠠᠩᠰᠠᠯᠠᠯᠲᠠ᠂ | ᠳᠠᠩᠰᠠᠯᠠᠯᠲᠠ ᠶᠢ ᠬᠠᠰᠤᠬᠤ ᠵᠦᠢᠯᠡᠰ ᠪᠠ ᠵᠢᠷᠤᠮ ᠢ ᠲᠣᠳᠣᠷᠬᠠᠶᠢᠯᠠᠬᠤ ᠶᠢᠨ ᠬᠠᠮᠲᠤ ᠺᠣᠮᠫᠠᠨᠢ ᠳᠠᠩᠰᠠᠯᠠᠬᠤ ᠪᠠᠶᠢᠭᠤᠯᠭ᠎ᠠ ᠶᠢ ᠳᠠᠩᠰᠠᠯᠠᠯᠲᠠ ᠶᠢᠨ ᠶᠠᠪᠤᠴᠠ ᠶᠢ | ᠰᠢᠯᠢᠳᠡᠭᠵᠢᠭᠦᠯᠵᠦ᠂ ᠳᠠᠩᠰᠠᠯᠠᠯᠲᠠ ᠶᠢᠨ ᠦᠷ᠎ᠡ ᠪᠦᠲᠦᠮᠵᠢ ᠪᠠ ᠳᠥᠭᠦᠮᠴᠢᠯᠡᠯᠲᠡ ᠶᠢᠨ ᠬᠢᠷᠢ ᠬᠡᠮᠵᠢᠶ᠎ᠡ ᠶᠢ ᠳᠡᠭᠡᠭᠰᠢᠯᠡᠭᠦᠯᠬᠦ ᠶᠢ ᠱᠠᠭᠠᠷᠳᠠᠨ᠎ᠠ᠃ | 2. ᠮᠡᠳᠡᠭᠡ ᠵᠠᠩᠭᠢᠵᠢᠯᠲᠠ ᠶᠢᠨ ᠪᠦᠲᠦᠭᠡᠨ ᠪᠠᠶᠢᠭᠤᠯᠤᠯᠲᠠ ᠶᠢᠨ ᠦᠷ᠎ᠡ ᠪᠦᠲᠦᠭᠡᠯ ᠢ ᠭᠦᠢᠴᠡᠳ ᠠᠰᠢᠭᠯᠠᠨ᠂ ᠡᠯᠧᠺᠲᠷᠣᠨ ᠡᠵᠡᠩᠨᠡᠯᠲᠡ ᠶᠢᠨ ᠦᠨᠡᠮᠯᠡᠯ ᠢ | ᠲᠣᠳᠣᠷᠬᠠᠶᠢᠯᠠᠵᠤ᠂ ᠤᠯᠤᠰ ᠤᠨ ᠠᠵᠤ ᠠᠬᠤᠶᠢᠯᠠᠯ ᠤᠨ ᠢᠲᠡᠭᠡᠮᠵᠢ ᠶᠢᠨ ᠮᠡᠳᠡᠭᠡ ᠵᠠᠩᠭᠢ ᠶᠢ ᠢᠯᠡ ᠨᠡᠶᠢᠲᠡᠯᠡᠬᠦ ᠰᠢᠰᠲ᠋ᠧᠮ ᠢᠶᠠᠷ ᠳᠠᠮᠵᠢᠭᠤᠯᠤᠨ ᠠᠯᠪᠠᠨ ᠵᠠᠷ | ᠨᠡᠶᠢᠲᠡᠯᠡᠵᠦ᠂ ᠡᠯᠧᠺᠲᠷᠣᠨ ᠴᠢᠮᠡᠭᠡ ᠬᠤᠯᠪᠣᠭ᠎ᠠ ᠶᠢᠨ ᠠᠷᠭ᠎ᠠ ᠮᠠᠶ᠋ᠢᠭ ᠢ ᠬᠡᠷᠡᠭᠯᠡᠨ ᠬᠤᠷᠠᠯ ᠬᠤᠷᠠᠯᠳᠤᠭᠤᠯᠬᠤ ᠪᠠ ᠪᠠᠲᠤᠯᠠᠬᠤ ᠶᠢᠨ ᠬᠠᠤᠯᠢ ᠴᠠᠭᠠᠵᠠ ᠶᠢᠨ | ᠬᠦᠴᠦᠨ ᠲᠠᠢ ᠪᠠᠶᠢᠬᠤ ᠬᠡᠷᠡᠭᠲᠡᠢ᠃ | 3.ᠪᠡᠯᠡ ᠣᠷᠣᠭᠤᠯᠵᠤ ᠪᠣᠯᠬᠤ ᠡᠳ᠋ ᠬᠥᠷᠥᠩᠭᠡ ᠶᠢᠨ ᠬᠡᠪᠴᠢᠶ᠎ᠡ ᠶᠢ ᠥᠷᠭᠡᠳᠬᠡᠵᠦ᠂ ᠰᠲ᠋ᠣᠺ ᠤᠨ ᠡᠷᠬᠡ᠂ ᠠᠪᠴᠠᠭᠠᠨ ᠤ ᠡᠷᠬᠡ ᠶᠢ ᠲᠣᠳᠣᠷᠬᠠᠶᠢᠯᠠᠬᠤ ᠳᠤ | ᠬᠠᠩᠰᠢᠯᠠᠨ ᠪᠡᠯᠡ ᠭᠠᠷᠭᠠᠵᠤ ᠪᠣᠯᠣᠨ᠎ᠠ᠃ | 4.ᠭᠠᠭᠴᠠ ᠬᠥᠮᠥᠨ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠪᠠᠶᠢᠭᠤᠯᠬᠤ ᠵᠡᠷᠭᠡ ᠬᠢᠵᠠᠭᠠᠷᠯᠠᠯ ᠢ ᠠᠭᠤᠵᠢᠭᠤ ᠪᠣᠯᠭᠠᠬᠤ ᠶᠢᠨ ᠬᠠᠮᠲᠤ ᠭᠠᠭᠴᠠ | ᠬᠥᠮᠥᠨ ᠤ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠪᠠᠶᠢᠭᠤᠯᠬᠤ ᠶᠢ ᠵᠥᠪᠰᠢᠶᠡᠷᠡᠨ᠎ᠡ᠃ | 5.ᠺᠣᠮᠫᠠᠨᠢ ᠶᠢ ᠢᠯᠭᠠᠷᠠᠭᠤᠯᠤᠨ ᠪᠤᠳᠤᠬᠤ ᠳᠦᠷᠢᠮ ᠢ ᠲᠡᠭᠦᠯᠳᠡᠷᠵᠢᠭᠦᠯᠵᠦ᠂ ᠢᠯᠭᠠᠷᠠᠭᠤᠯᠤᠨ ᠪᠤᠳᠤᠬᠤ ᠡᠭᠦᠷᠭᠡᠲᠦ ᠬᠥᠮᠥᠨ ᠵᠢᠴᠢ ᠲᠡᠭᠦᠨ ᠤ | ᠬᠠᠷᠢᠭᠤᠴᠠᠯᠭ᠎ᠠ ᠶᠢ ᠲᠣᠳᠣᠷᠬᠠᠶᠢᠯᠠᠨ᠎ᠠ᠃ | 6.ᠲᠦᠭᠦᠮ ᠢᠶᠠᠷ ᠬᠦᠴᠦᠨ ᠦᠭᠡᠢ ᠪᠣᠯᠭᠠᠬᠤ ᠪᠠ ᠠᠯᠪᠠᠳᠠᠯᠭ᠎ᠠ ᠪᠠᠷ ᠬᠦᠴᠦᠨ ᠦᠭᠡᠢ ᠪᠣᠯᠭᠠᠬᠤ ᠳᠦᠷᠢᠮ ᠢ ᠨᠡᠮᠡᠭᠳᠡᠭᠦᠯᠵᠦ᠂ ᠺᠣᠮᠫᠠᠨᠢ ᠶᠢᠨ ᠤᠬᠤᠷᠢᠨ | ᠭᠠᠷᠬᠤ ᠳᠤ ᠲᠦᠬᠦᠮ ᠦᠵᠡᠭᠦᠯᠦᠨ᠎ᠡ᠃ | ᠵᠢᠷᠭᠤᠭ᠎ᠠ᠂ ᠤᠯᠤᠰ ᠠᠴᠠ ᠪᠡᠯᠡ ᠭᠠᠷᠭᠠᠭᠰᠠᠨ ᠺᠣᠮᠫᠠᠨᠢ ᠶᠢᠨ ᠬᠤᠯᠪᠣᠭᠳᠠᠯ ᠪᠦᠬᠦᠢ ᠲᠣᠭᠲᠠᠭᠠᠯ ᠢ ᠲᠡᠭᠦᠯᠳᠡᠷᠵᠢᠭᠦᠯᠪᠡ | 1.ᠤᠯᠤᠰ ᠠᠴᠠ ᠪᠡᠯᠡ ᠭᠠᠷᠭᠠᠭᠰᠠᠨ ᠺᠣᠮᠫᠠᠨᠢ ᠶᠢᠨ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ ᠪᠠᠶᠢᠭᠤᠯᠬᠤ ᠲᠤᠬᠠᠢ ᠣᠨᠴᠠᠭᠠᠶ ᠲᠣᠭᠲᠠᠭᠠᠯ ᠤᠨ | ᠲᠤᠰᠬᠠᠢ ᠪᠦᠯᠦᠭ ᠨᠢ ᠬᠡᠷᠡᠭᠯᠡᠬᠦ ᠬᠡᠪᠴᠢᠶ᠎ᠡ ᠶᠢ ᠤᠯᠤᠰ ᠤᠨ ᠥᠮᠴᠢᠯᠡᠯ ᠤᠨ ᠲᠤᠰᠠᠭᠠᠷ ᠪᠡᠯᠡᠳᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠪᠠᠶᠢᠭᠰᠠᠨ ᠠᠴᠠ | ᠤᠯᠤᠰ ᠤᠨ ᠥᠮᠴᠢᠯᠡᠯ ᠤᠨ ᠲᠤᠰᠠᠭᠠᠷ ᠪᠡᠯᠡᠳᠤ ᠺᠣᠮᠫᠠᠨᠢ᠂ ᠤᠯᠤᠰ ᠤᠨ ᠥᠮᠴᠢᠯᠡᠯ ᠤᠨ ᠬᠥᠷᠥᠩᠭᠡ ᠶᠢᠨ ᠬᠤᠪᠢ ᠡᠵᠡᠮᠳᠡᠭᠰᠡᠨ ᠬᠢᠵᠠᠭᠠᠷᠲᠤ ᠬᠠᠷᠢᠭᠤᠴᠠᠯᠭᠠᠲᠤ | ᠺᠣᠮᠫᠠᠨᠢ᠂ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠬᠦᠷᠲᠡᠯ᠎ᠡ ᠥᠷᠭᠡᠳᠬᠡᠨ᠎ᠡ᠃ | 2.ᠤᠯᠤᠰ ᠤᠨ ᠥᠮᠴᠢᠯᠡᠯ ᠤᠨ ᠠᠵᠤ ᠠᠬᠤᠶᠢᠯᠠᠯ ᠳᠠᠬᠢ ᠨᠠᠮ ᠤᠨ ᠤᠳᠤᠷᠢᠳᠤᠯᠭ᠎ᠠ ᠶᠢ ᠪᠠᠷᠢᠮᠲᠠᠯᠠᠵᠤ᠂ ᠤᠯᠤᠰ ᠤᠨ ᠪᠡᠯᠡ ᠭᠠᠷᠭᠠᠭᠰᠠᠨ ᠺᠣᠮᠫᠠᠨᠢ ᠳᠠᠬᠢ | ᠳᠤᠮᠳᠠᠳᠤ ᠤᠯᠤᠰ ᠤᠨ ᠡᠪ ᠬᠠᠮᠲᠤ ᠨᠠᠮ ᠤᠨ ᠵᠣᠬᠢᠶᠠᠨ ᠪᠠᠶᠢᠭᠤᠯᠤᠯᠲᠠ ᠶᠢᠨ ᠤᠳᠤᠷᠢᠳᠬᠤ ᠦᠢᠯᠡᠳᠦᠯ ᠢ ᠴᠢᠬᠤᠯᠠᠴᠢᠯᠠᠨ᠎ᠠ᠃ | 3.ᠤᠯᠤᠰ ᠤᠨ ᠥᠮᠴᠢᠯᠡᠯ ᠤᠨ ᠲᠤᠰᠠᠭᠠᠷ ᠪᠡᠯᠡᠳᠦ ᠺᠣᠮᠫᠠᠨᠢ ᠶᠢᠨ ᠬᠡᠷᠡᠭ ᠮᠡᠳᠡᠭᠴᠢᠳ ᠤᠨ ᠵᠥᠪᠯᠡᠯ ᠤᠨ ᠪᠦᠷᠢᠯᠳᠦᠭᠦᠨ ᠤ ᠳᠣᠲᠣᠷᠠᠬᠢ ᠭᠠᠳᠠᠨᠠᠬᠢ ᠬᠡᠷᠡᠭ | ᠮᠡᠳᠡᠭᠴᠢ ᠶᠢ ᠬᠠᠭᠠᠰ ᠠᠴᠠ ᠳᠡᠭᠡᠭᠰᠢ ᠲᠤᠭ᠎ᠠ ᠡᠵᠡᠯᠡᠬᠦ ᠶᠢ ᠱᠠᠭᠠᠷᠳᠠᠨ᠎ᠠ᠃ | 4.ᠤᠯᠤᠰ ᠤᠨ ᠥᠮᠴᠢᠯᠡᠯ ᠤᠨ ᠲᠤᠰᠠᠭᠠᠷ ᠪᠡᠯᠡᠳᠦ ᠺᠣᠮᠫᠠᠨᠢ ᠶᠢ ᠬᠡᠷᠡᠭ ᠮᠡᠳᠡᠭᠴᠢᠳ ᠤᠨ ᠵᠥᠪᠯᠡᠯ ᠳᠤ ᠬᠡᠷᠡᠭ ᠮᠡᠳᠡᠭᠴᠢᠳ ᠢᠶᠠᠷ ᠪᠦᠷᠢᠯᠳᠦᠭᠰᠡᠨ ᠬᠢᠨᠠᠨ | ᠪᠤᠳᠤᠬᠤ ᠺᠣᠮᠢᠰ ᠪᠠᠶᠢᠭᠤᠯᠵᠤ ᠬᠢᠨᠠᠭᠴᠢᠳ ᠤᠨ ᠵᠥᠪᠯᠡᠯ ᠤᠨ ᠡᠷᠬᠡ ᠲᠤᠰᠢᠶᠠᠯ ᠢ ᠭᠦᠢᠴᠡᠳᠬᠡᠭᠦᠯᠬᠦ ᠪᠠᠷ ᠲᠣᠭᠲᠠᠭᠠᠭᠰᠠᠨ ᠪᠠᠶᠢᠪᠠᠯ᠂ ᠬᠢᠨᠠᠭᠴᠢᠳ ᠤᠨ ᠵᠥᠪᠯᠡᠯ ᠪᠤᠶᠤ | ᠬᠢᠨᠠᠭᠴᠢ ᠪᠠᠶᠢᠭᠤᠯᠬᠤ ᠦᠭᠡᠢ᠃ | ᠺᠣᠮᠫᠠᠨᠢ ᠶᠢᠨ ᠰᠢᠨ᠎ᠡ ᠬᠠᠤᠯᠢ ᠶᠢᠨ ᠬᠤᠪᠢᠷᠠᠯᠲᠠ ᠨᠢ ᠺᠣᠮᠫᠠᠨᠢ ᠳᠤ ᠤᠯᠠᠨ ᠲᠠᠯ᠎ᠠ ᠶᠢᠨ ᠨᠥᠯᠥᠭᠡ ᠦᠵᠡᠭᠦᠯᠵᠡᠢ᠂ ᠡᠭᠦᠨ ᠳᠤ ᠪᠠᠰᠠ ᠳᠣᠣᠷᠠᠬᠢ ᠬᠡᠳᠦᠨ | ᠵᠦᠢᠯ ᠪᠠᠭᠲᠠᠨ᠎ᠠ᠄ | 1. ᠬᠥᠷᠥᠩᠭᠡ ᠶᠢᠨ ᠳᠦᠷᠢᠮ ᠤᠨ ᠲᠠᠯ᠎ᠠ ᠪᠠᠷ: | •ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠬᠤᠪᠢ ᠣᠷᠣᠭᠤᠯᠤᠭᠴᠢ ᠶᠢᠨ ᠪᠡᠯᠡ ᠭᠠᠷᠭᠠᠬᠤ ᠬᠤᠭᠤᠴᠠᠭ᠎ᠠ ᠶᠢ ᠲᠠᠪᠤᠨ ᠵᠢᠯ ᠠᠴᠠ ᠬᠡᠲᠦᠷᠡᠭᠦᠯᠵᠦ | ᠪᠣᠯᠬᠤ ᠦᠭᠡᠢ ᠭᠡᠰᠡᠨ ᠲᠣᠭᠲᠠᠭᠠᠯ ᠨᠢ ᠺᠣᠮᠫᠠᠨᠢ ᠶᠢ ᠪᠡᠯᠡ ᠮᠥᠩᠭᠦ ᠴᠤᠭᠯᠠᠭᠤᠯᠬᠤ ᠶᠢ ᠨᠡᠩ ᠵᠦᠢ ᠵᠣᠬᠢᠰᠲᠠᠢ ᠪᠠᠷ ᠲᠥᠯᠥᠪᠵᠢᠭᠦᠯᠵᠦ᠂ ᠪᠡᠯᠡ ᠮᠥᠩᠭᠦ ᠬᠡᠷᠡᠭᠯᠡᠬᠦ | ᠦᠷ᠎ᠡ ᠪᠦᠲᠦᠮᠵᠢ ᠶᠢ ᠳᠡᠭᠡᠭᠰᠢᠯᠡᠭᠦᠯᠬᠦ ᠶᠢ ᠠᠬᠢᠭᠤᠯᠪᠠ᠃ | •ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠡᠷᠬᠡ ᠣᠯᠭᠤᠭᠰᠠᠨ ᠬᠥᠷᠥᠩᠭᠡ ᠶᠢᠨ ᠳᠦᠷᠢᠮ ᠢ ᠣᠷᠣᠭᠤᠯᠤᠭᠰᠠᠨ ᠨᠢ ᠪᠡᠯᠡ ᠴᠤᠭᠯᠠᠭᠤᠯᠬᠤ | ᠠᠮᠢᠳᠤᠯᠢᠭ ᠴᠢᠨᠠᠷ ᠢ ᠨᠡᠮᠡᠭᠳᠡᠭᠦᠯᠵᠦ᠂ ᠺᠣᠮᠫᠠᠨᠢ ᠶᠢᠨ ᠵᠠᠬ᠎ᠠ ᠳᠡᠯᠭᠡᠭᠦᠷ ᠤᠨ ᠪᠠᠶᠢᠳᠠᠯ ᠢ ᠦᠨᠳᠦᠰᠦᠯᠡᠨ ᠰᠲ᠋ᠣᠺ ᠤᠨ ᠡᠬᠡ ᠮᠥᠩᠭᠦ ᠶᠢᠨ ᠪᠦᠲᠦᠴᠡ ᠪᠠᠨ ᠴᠠᠭ | ᠲᠤᠬᠠᠢ ᠳᠤᠨᠢ ᠲᠣᠬᠢᠷᠠᠭᠤᠯᠬᠤ ᠳᠤ ᠳᠥᠭᠦᠮ ᠪᠣᠯᠭᠠᠵᠠᠢ᠃ | •ᠡᠯ᠎ᠡ ᠲᠦᠷᠦᠯ ᠤᠨ ᠪᠤᠰᠤᠳ ᠰᠲ᠋ᠣᠺ ᠤᠨ ᠲᠤᠬᠠᠢ ᠲᠣᠭᠲᠠᠭᠠᠯ ᠨᠢ ᠺᠣᠮᠫᠠᠨᠢ ᠶᠢᠨ ᠰᠲ᠋ᠣᠺ ᠤᠨ ᠡᠷᠬᠡ ᠶᠢᠨ ᠪᠦᠲᠦᠴᠡ ᠶᠢᠨ ᠵᠢᠷᠤᠭ ᠲᠥᠯᠥᠪᠯᠡᠭᠡ ᠳᠤ | ᠨᠡᠩ ᠤᠯᠠᠨ ᠰᠣᠩᠭᠤᠯᠲᠠ ᠶᠢ ᠬᠠᠩᠭᠠᠵᠤ᠂ ᠠᠳᠠᠯᠢ ᠪᠤᠰᠤ ᠪᠡᠯᠡ ᠣᠷᠣᠭᠤᠯᠤᠭᠴᠢ ᠶᠢᠨ ᠬᠡᠷᠡᠭᠴᠡᠭᠡ ᠪᠠ ᠺᠣᠮᠫᠠᠨᠢ ᠶᠢᠨ ᠣᠨᠴᠠᠭᠠᠶ ᠬᠥᠭᠵᠢᠯᠲᠡ ᠶᠢᠨ ᠪᠠᠶᠢᠯᠳᠤᠬᠤ | ᠪᠣᠳᠣᠯᠭ᠎ᠠ ᠶᠢ ᠬᠠᠩᠭᠠᠬᠤ ᠳᠤ ᠠᠰᠢᠭᠲᠠᠢ ᠪᠣᠯᠭᠠᠵᠠᠢ᠃ | 2. ᠺᠣᠮᠫᠠᠨᠢ ᠶᠢ ᠵᠠᠰᠠᠬᠤ ᠲᠠᠯ᠎ᠠ ᠪᠠᠷ᠄ | •ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠮᠵᠢ ᠶᠢᠨ ᠪᠠᠶᠢᠷᠢᠯᠠᠭᠤᠯᠤᠯᠲᠠ ᠶᠢ ᠳᠥᠭᠦᠮᠴᠢᠯᠡᠵᠦ᠂ ᠺᠣᠮᠫᠠᠨᠢ ᠶᠢᠨ ᠡᠵᠡᠩᠨᠡᠯᠲᠡ ᠶᠢᠨ ᠥᠪᠡᠷ ᠤᠨ | ᠥᠷᠲᠡᠭ ᠢ ᠪᠠᠭᠤᠷᠠᠭᠤᠯᠤᠨ᠂ ᠰᠢᠢᠳᠪᠦᠷᠢᠲᠦ ᠪᠣᠳᠣᠯᠭ᠎ᠠ ᠲᠣᠭᠲᠠᠭᠠᠬᠤ ᠦᠷ᠎ᠡ ᠪᠦᠲᠦᠮᠵᠢ ᠶᠢ ᠳᠡᠭᠡᠭᠰᠢᠯᠡᠭᠦᠯᠪᠡ᠃ | •ᠠᠵᠢᠯᠲᠠᠨ ᠠᠵᠢᠯᠴᠢᠨ ᠤ ᠺᠣᠮᠫᠠᠨᠢ ᠶᠢᠨ ᠵᠠᠰᠠᠯᠲᠠ ᠳᠤ ᠣᠷᠣᠯᠴᠠᠬᠤ ᠬᠤᠯᠪᠣᠭᠳᠠᠯ ᠪᠦᠬᠦᠢ ᠲᠣᠭᠲᠠᠭᠠᠯ ᠨᠢ ᠺᠣᠮᠫᠠᠨᠢ ᠶᠢᠨ ᠰᠢᠢᠳᠪᠦᠷᠢᠲᠦ | ᠪᠣᠳᠣᠯᠭ᠎ᠠ ᠶᠢᠨ ᠰᠢᠨᠵᠢᠯᠡᠬᠦ ᠤᠬᠠᠭᠠᠨᠴᠢ ᠴᠢᠨᠠᠷ ᠪᠠ ᠠᠷᠠᠳᠴᠢᠯᠠᠯᠲᠤ ᠴᠢᠨᠠᠷ ᠢ ᠴᠢᠩᠭᠠᠳᠬᠠᠵᠤ᠂ ᠠᠵᠢᠯᠲᠠᠨ ᠠᠵᠢᠯᠴᠢᠨ ᠤ ᠢᠳᠡᠪᠬᠢᠵᠢᠯ ᠪᠠ ᠬᠠᠷᠢᠶᠠᠯᠠᠭᠳᠠᠬᠤ | ᠰᠡᠳᠬᠢᠯᠭᠡ ᠶᠢ ᠳᠡᠭᠡᠭᠰᠢᠯᠡᠭᠦᠯᠬᠦ ᠳᠤ ᠠᠰᠢᠭᠲᠠᠢ ᠶᠤᠮ᠃ | 3.ᠬᠤᠪᠢ ᠣᠷᠣᠭᠤᠯᠤᠭᠴᠢ ᠶᠢᠨ ᠡᠷᠬᠡ ᠶᠢ ᠬᠠᠮᠠᠭᠠᠯᠠᠬᠤ ᠲᠠᠯ᠎ᠠ ᠪᠠᠷ᠄ | • ᠬᠤᠪᠢ ᠣᠷᠣᠭᠤᠯᠤᠭᠴᠢ ᠶᠢᠨ ᠪᠠᠶᠢᠳᠠᠯ ᠢ ᠮᠡᠳᠡᠬᠦ ᠡᠷᠬᠡ ᠶᠢ ᠴᠢᠩᠭᠠᠷᠠᠭᠤᠯᠵᠤ᠂ ᠬᠤᠪᠢ ᠣᠷᠣᠭᠤᠯᠤᠭᠴᠢ ᠶᠢ ᠺᠣᠮᠫᠠᠨᠢ ᠶᠢᠨ ᠡᠵᠡᠩᠨᠡᠯᠲᠡ ᠳᠤ | ᠨᠡᠩ ᠪᠦᠲᠦᠮᠵᠢᠲᠡᠶ ᠪᠠᠷ ᠬᠢᠨᠠᠯᠲᠠ ᠲᠠᠯᠪᠢᠵᠤ᠂ ᠲᠤᠰ ᠪᠡᠶ᠎ᠡ ᠶᠢᠨ ᠠᠰᠢᠭ ᠲᠤᠰᠠ ᠪᠠᠨ ᠬᠠᠮᠠᠭᠠᠯᠠᠨ᠎ᠠ᠃ | •ᠬᠤᠪᠢ ᠣᠷᠣᠭᠤᠯᠤᠭᠴᠢᠳ ᠤᠨ ᠲᠦᠷ ᠴᠠᠭ ᠤᠨ ᠰᠠᠨᠠᠯ ᠵᠥᠪᠯᠡᠯᠭᠡ ᠳᠤᠷᠠᠳᠬᠤ ᠡᠷᠬᠡ ᠵᠡᠷᠭᠡ ᠲᠣᠭᠲᠠᠭᠠᠯ ᠢ ᠲᠡᠭᠦᠯᠳᠡᠷᠵᠢᠭᠦᠯᠵᠦ᠂ ᠬᠤᠪᠢ | ᠣᠷᠣᠭᠤᠯᠤᠭᠴᠢᠳ ᠤᠨ ᠺᠣᠮᠫᠠᠨᠢ ᠶᠢ ᠵᠠᠰᠠᠬᠤ ᠶᠠᠪᠤᠴᠠ ᠳᠠᠬᠢ ᠦᠭᠡ ᠬᠡᠯᠡᠬᠦ ᠡᠷᠬᠡ ᠪᠠ ᠣᠷᠣᠯᠴᠠᠬᠤ ᠬᠡᠮᠵᠢᠶ᠎ᠡ ᠶᠢ ᠨᠡᠮᠡᠭᠳᠡᠭᠦᠯᠪᠡ᠃ | 4.ᠬᠠᠷᠢᠭᠤᠴᠠᠯᠭ᠎ᠠ ᠶᠢ ᠴᠢᠩᠭᠠᠷᠠᠭᠤᠯᠬᠤ ᠲᠠᠯ᠎ᠠ ᠪᠠᠷ᠄ | •ᠬᠤᠪᠢ ᠡᠵᠡᠮᠳᠡᠬᠦ ᠬᠤᠪᠢ ᠣᠷᠣᠭᠤᠯᠤᠭᠴᠢ᠂ ᠪᠣᠳᠠᠲᠠᠢ ᠡᠵᠡᠮᠳᠡᠭᠴᠢ ᠶᠢᠨ ᠬᠠᠷᠢᠭᠤᠴᠠᠯᠭ᠎ᠠ ᠶᠢ ᠲᠣᠳᠣᠷᠬᠠᠶᠢᠯᠠᠬᠤ ᠨᠢ ᠺᠣᠮᠫᠠᠨᠢ ᠶᠢᠨ ᠳᠣᠲᠣᠭᠠᠳᠤ ᠶᠢᠨ | ᠡᠷᠬᠡ ᠶᠢᠨ ᠠᠵᠢᠯᠯᠠᠭᠠᠨ ᠢ ᠵᠢᠷᠤᠮᠵᠢᠭᠤᠯᠬᠤ᠂ ᠳᠣᠲᠣᠭᠠᠳᠤ ᠶᠢᠨ ᠬᠥᠮᠥᠨ ᠢ ᠡᠵᠡᠮᠳᠡᠬᠦ ᠪᠠ ᠠᠰᠢᠭ ᠲᠤᠰᠠ ᠬᠦᠷᠭᠡᠬᠦ ᠵᠡᠷᠭᠡ ᠠᠰᠠᠭᠤᠳᠠᠯ ᠢ ᠪᠠᠭᠠᠰᠬᠠᠬᠤ᠂ ᠺᠣᠮᠫᠠᠨᠢ ᠪᠠ | ᠳᠤᠮᠳᠠ ᠵᠢᠵᠢᠭ ᠬᠤᠪᠢ ᠣᠷᠣᠭᠤᠯᠤᠭᠴᠢ ᠶᠢᠨ ᠠᠰᠢᠭ ᠲᠤᠰᠠ ᠶᠢ ᠬᠠᠮᠠᠭᠠᠯᠠᠬᠤ ᠳᠤ ᠠᠰᠢᠭᠲᠠᠢ ᠶᠤᠮ᠃ | 5. ᠪᠠᠶᠢᠭᠤᠯᠬᠤ ᠪᠠ ᠤᠬᠤᠷᠢᠵᠤ ᠭᠠᠷᠬᠤ ᠲᠠᠯ᠎ᠠ ᠪᠠᠷ᠄ | •ᠪᠡᠯᠡ ᠣᠷᠣᠭᠤᠯᠵᠤ ᠪᠣᠯᠬᠤ ᠡᠳ᠋ ᠬᠥᠷᠥᠩᠭᠡ ᠶᠢᠨ ᠬᠡᠪᠴᠢᠶ᠎ᠡ ᠶᠢ ᠥᠷᠭᠡᠳᠬᠡᠵᠦ᠂ ᠭᠠᠭᠴᠠ ᠬᠥᠮᠥᠨ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ | ᠪᠠᠶᠢᠭᠤᠯᠬᠤ ᠵᠡᠷᠭᠡ ᠬᠢᠵᠠᠭᠠᠷᠯᠠᠯ ᠢ ᠠᠭᠤᠵᠢᠭᠤ ᠲᠠᠯᠪᠢᠵᠤ᠂ ᠺᠣᠮᠫᠠᠨᠢ ᠪᠠᠶᠢᠭᠤᠯᠬᠤ ᠪᠠᠷᠢᠮᠵᠢᠶ᠎ᠠ ᠶᠢ ᠳᠣᠷᠣᠭᠰᠢᠯᠠᠭᠤᠯᠤᠨ᠂ ᠠᠳᠠᠯ ᠦᠢᠯᠡᠰ ᠴᠣᠭᠴᠠᠯᠠᠵᠤ ᠰᠢᠨ᠎ᠡ ᠶᠢ | ᠡᠭᠦᠳᠬᠦ ᠠᠮᠢᠵᠢᠷᠠᠯ ᠤᠨ ᠬᠦᠴᠦᠨ ᠢ ᠬᠥᠭᠵᠢᠭᠡᠪᠡ᠃ | •ᠢᠯᠭᠠᠷᠠᠭᠤᠯᠤᠨ ᠪᠤᠳᠤᠬᠤ ᠪᠠ ᠬᠦᠴᠦᠨ ᠦᠭᠡᠢ ᠪᠣᠯᠭᠠᠬᠤ ᠪᠦᠷᠢᠨ ᠲᠡᠭᠦᠯᠳᠡᠷ ᠳᠦᠷᠢᠮ ᠨᠢ ᠺᠣᠮᠫᠠᠨᠢ ᠶᠢ ᠵᠠᠬ᠎ᠠ ᠳᠡᠯᠭᠡᠭᠦᠷ ᠠᠴᠠ ᠨᠠᠩ ᠲᠥᠬᠦᠮ | ᠳᠥᠲᠡ ᠪᠠᠷ ᠤᠬᠤᠷᠢᠨ ᠭᠠᠷᠭᠠᠵᠤ᠂ ᠵᠠᠬ᠎ᠠ ᠳᠡᠯᠭᠡᠭᠦᠷ ᠤᠨ ᠡᠬᠢ ᠪᠠᠶᠠᠯᠢᠭ ᠤᠨ ᠲᠣᠬᠢᠷᠠᠭᠤᠯᠤᠯᠲᠠ ᠶᠢ ᠰᠢᠯᠢᠳᠡᠭᠵᠢᠭᠦᠯᠬᠦ ᠪᠣᠯᠭᠠᠵᠠᠢ᠃ | 6.ᠤᠯᠤᠰ ᠠᠴᠠ ᠪᠡᠯᠡ ᠭᠠᠷᠭᠠᠭᠰᠠᠨ ᠺᠣᠮᠫᠠᠨᠢ ᠶᠢᠨ ᠲᠠᠯ᠎ᠠ ᠪᠠᠷ᠄ | • ᠣᠨᠴᠠᠭᠠᠶ ᠲᠣᠭᠲᠠᠭᠠᠯ ᠢ ᠲᠡᠭᠦᠯᠳᠡᠷᠵᠢᠭᠦᠯᠦᠭᠰᠡᠨ ᠨᠢ ᠤᠯᠤᠰ ᠤᠨ ᠥᠮᠴᠢᠯᠡᠯ ᠤᠨ ᠠᠵᠤ ᠠᠬᠤᠶᠢᠯᠠᠯ ᠳᠠᠬᠢ ᠨᠠᠮ ᠤᠨ ᠤᠳᠤᠷᠢᠳᠤᠯᠭ᠎ᠠ ᠶᠢ | ᠴᠢᠩᠭᠠᠳᠬᠠᠵᠤ᠂ ᠤᠯᠤᠰ ᠤᠨ ᠥᠮᠴᠢᠯᠡᠯ ᠤᠨ ᠲᠤᠰᠠᠭᠠᠷ ᠪᠡᠯᠡᠳᠤ ᠺᠣᠮᠫᠠᠨᠢ ᠶᠢᠨ ᠵᠠᠰᠠᠯᠲᠠ ᠶᠢᠨ ᠪᠦᠲᠦᠴᠡ ᠶᠢ ᠰᠢᠯᠢᠳᠡᠭᠵᠢᠭᠦᠯᠦᠭᠰᠡᠨ ᠠᠴᠠ ᠤᠯᠤᠰ ᠤᠨ | ᠥᠮᠴᠢᠯᠡᠯ ᠤᠨ ᠬᠥᠷᠥᠩᠭᠡ ᠶᠢᠨ ᠡᠵᠡᠩᠨᠡᠯᠲᠡ ᠶᠢᠨ ᠦᠷ᠎ᠡ ᠪᠦᠲᠦᠮᠵᠢ ᠪᠣᠯᠣᠨ ᠥᠷᠲᠡᠭ ᠢ ᠪᠠᠲᠤᠯᠠᠵᠤ ᠥᠷᠲᠡᠭ ᠢ ᠨᠡᠮᠡᠭᠳᠡᠭᠦᠯᠬᠦ ᠳᠤ ᠠᠰᠢᠭᠲᠠᠢ ᠪᠣᠯᠵᠠᠢ᠃ | ᠶᠡᠷᠦᠩᠬᠡᠢ ᠳᠤᠨᠢ ᠠᠪᠴᠤ ᠬᠡᠯᠡᠪᠡᠯ᠂ ᠺᠣᠮᠫᠠᠨᠢ ᠶᠢᠨ ᠰᠢᠨ᠎ᠡ ᠬᠠᠤᠯᠢ ᠶᠢᠨ ᠬᠤᠪᠢᠷᠠᠯᠲᠠ ᠶᠢᠨ ᠵᠣᠷᠢᠯᠭ᠎ᠠ ᠨᠢ ᠵᠠᠬ᠎ᠠ ᠳᠡᠯᠭᠡᠭᠦᠷ ᠤᠨ ᠠᠵᠤ ᠠᠬᠤᠢ ᠶᠢᠨ | ᠬᠥᠭᠵᠢᠯᠲᠡ ᠶᠢᠨ ᠬᠡᠷᠡᠭᠴᠡᠭᠡ ᠳᠤ ᠵᠣᠬᠢᠴᠠᠭᠤᠯᠤᠨ᠂ ᠺᠣᠮᠫᠠᠨᠢ ᠳᠤ ᠨᠡᠩ ᠠᠮᠢᠳᠤᠯᠢᠭ᠂ ᠨᠡᠩ ᠵᠢᠷᠤᠮᠵᠢᠯ ᠲᠠᠢ᠂ ᠨᠡᠩ ᠲᠥᠪ ᠭᠤᠣᠯᠴᠢ ᠬᠠᠤᠯᠢ ᠴᠠᠭᠠᠵᠠ ᠶᠢᠨ ᠣᠷᠴᠢᠨ | ᠨᠥᠬᠦᠴᠡᠯ ᠢ ᠬᠠᠩᠭᠠᠵᠤ᠂ ᠺᠣᠮᠫᠠᠨᠢ ᠶᠢᠨ ᠡᠷᠡᠭᠦᠯ ᠢᠶᠠᠷ ᠬᠥᠭᠵᠢᠬᠦ ᠪᠠ ᠵᠠᠬ᠎ᠠ ᠳᠡᠯᠭᠡᠭᠦᠷ ᠤᠨ ᠲᠣᠭᠲᠠᠭᠤᠨ ᠬᠥᠭᠵᠢᠯ ᠴᠡᠴᠡᠭᠯᠡᠯ ᠢ ᠠᠬᠢᠭᠤᠯᠬᠤ ᠶᠢᠨ ᠲᠥᠯᠥᠭᠡ ᠶᠤᠮ᠃ | ᠭᠡᠪᠡᠴᠦ ᠡᠭᠦᠨ ᠤ ᠵᠡᠷᠭᠡᠴᠡᠭᠡ᠂ ᠺᠣᠮᠫᠠᠨᠢ ᠴᠤ ᠡᠳᠡᠭᠡᠷ ᠬᠤᠪᠢᠷᠠᠯᠲᠠ ᠶᠢ ᠴᠠᠭ ᠲᠤᠬᠠᠢ ᠳᠤᠨᠢ ᠣᠶᠢᠯᠠᠭᠠᠨ ᠵᠣᠬᠢᠴᠠᠭᠤᠯᠵᠤ᠂ ᠳᠣᠲᠣᠭᠠᠳᠤ ᠶᠢᠨ ᠬᠠᠮᠢᠶᠠᠷᠤᠯᠲᠠ ᠪᠠ | ᠡᠵᠡᠩᠨᠡᠯᠲᠡ ᠶᠢᠨ ᠠᠷᠭ᠎ᠠ ᠪᠣᠳᠣᠯᠭ᠎ᠠ ᠪᠠᠨ ᠲᠣᠬᠢᠷᠠᠭᠤᠯᠵᠤ᠂ ᠰᠢᠨ᠎ᠡ ᠳᠦᠷᠢᠮ ᠤᠨ ᠠᠪᠴᠢᠷᠠᠭᠰᠠᠨ ᠠᠵᠠ ᠲᠣᠬᠢᠶᠠᠯ ᠢ ᠭᠦᠢᠴᠡᠳ ᠠᠰᠢᠭᠯᠠᠬᠤ ᠶᠢᠨ ᠬᠠᠮᠲᠤ ᠭᠠᠷᠴᠤ | ᠮᠡᠳᠡᠬᠦ ᠥᠷᠢᠰᠦᠯᠳᠦᠭᠡᠨ ᠢ ᠪᠦᠲᠦᠮᠵᠢᠲᠡᠶ ᠪᠠᠷ ᠠᠷᠭᠠᠴᠠᠬᠤ ᠴᠢᠬᠤᠯᠠᠲᠠᠢ᠃ | | |