ᠵᠦᠢᠷ ᠰᠡᠴᠡᠨ ᠦᠭᠡ ᠪᠣᠯ ᠮᠣᠩᠭᠤᠯ ᠦᠨᠳᠦᠰᠦᠲᠡᠨ ᠤ ᠰᠣᠶᠣᠯ ᠤᠨ ᠥᠪ ᠬᠥᠷᠥᠩᠭᠡ ᠶᠢᠨ ᠴᠢᠬᠤᠯᠠ ᠪᠦᠷᠢᠯᠳᠦᠭᠦᠨ ᠬᠡᠰᠡᠭ ᠮᠥᠨ᠃ | ᠪᠠᠷᠭᠤᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠪᠣᠯ ᠪᠣᠳᠠᠲᠤ ᠠᠮᠢᠳᠤᠷᠠᠯ ᠤᠨ ᠲᠤᠷᠰᠢᠯᠭ᠎ᠠ ᠰᠤᠷᠭᠠᠮᠵᠢ᠂ ᠦᠵᠡᠯᠲᠡ ᠲᠠᠨᠢᠯᠲᠠ᠂ ᠶᠣᠰᠣ | ᠰᠤᠷᠲᠠᠬᠤᠨ ᠤ ᠪᠠᠷᠢᠮᠵᠢᠶ᠎ᠠ ᠶᠢ ᠳᠦᠭᠦᠮ ᠠᠪᠰᠠᠷᠬᠠᠨ᠂ ᠲᠣᠪᠴᠢ ᠲᠣᠳᠤᠷᠠᠭᠤᠨ᠂ ᠤᠷᠠᠨ ᠳᠦᠷᠰᠦᠯᠢᠭ ᠢᠯᠡᠳᠬᠡᠳᠡᠭ ᠪᠥᠭᠡᠳ︽ᠶᠠᠭᠤᠮ᠎ᠠ ᠦᠵᠡᠭᠳᠡᠯ ᠤᠨ ᠰᠢᠨᠵᠢ | ᠴᠢᠨᠠᠷ᠂ ᠵᠢᠮ᠎ᠡ ᠶᠣᠰᠣ ᠶᠢ ᠮᠠᠰᠢ ᠣᠨᠤᠪᠴᠢᠲᠠᠢ ᠳ᠋ᠦᠩᠨᠡᠵᠦ᠂ ᠬᠤᠷᠢᠶᠠᠩᠭᠤᠶᠢᠯᠠᠨ ᠲᠤᠰᠬᠠᠳᠠᠭ ᠢᠶᠠᠷ ᠢᠶᠠᠨ ᠨᠡᠯᠢᠶᠡᠳ ᠭᠦᠨ ᠤᠬᠠᠭᠠᠯᠢᠭ ᠴᠢᠨᠠᠷ ᠪᠠ ᠣᠶᠤᠨ ᠤ | ᠲᠠᠨᠢᠯᠲᠠ ᠶᠢᠨ ᠰᠢᠨᠵᠢᠲᠡᠢ︾ ᠪᠠᠶᠢᠵᠤ᠂ ᠬᠥᠮᠥᠰ ᠤᠨ ᠰᠡᠷᠡᠯ ᠳᠤ ᠮᠡᠳᠡᠷᠡᠭᠳᠡᠵᠦ᠂ ᠣᠶᠣᠨ ᠢᠶᠠᠷ ᠲᠤᠩᠭᠠᠭᠳᠠᠭᠰᠠᠨ ᠠᠪᠢᠶᠠᠰᠯᠢᠭ ᠪᠦᠲᠦᠭᠡᠯ ᠪᠣᠯᠬᠤ ᠶᠤᠮ᠃ | ᠪᠠᠷᠭᠤᠴᠤᠳ ᠪᠣᠯ ᠮᠣᠩᠭᠤᠯ ᠦᠨᠳᠦᠰᠦᠲᠡᠨ ᠤ ᠳᠣᠲᠣᠷᠠᠬᠢ ᠥᠨᠢ ᠤᠳᠠᠭᠠᠨ ᠲᠡᠦᠬᠡ ᠰᠣᠶᠣᠯ ᠲᠠᠢ ᠶᠠᠰᠤᠲᠠᠨ ᠪᠣᠯᠬᠤᠷ ᠨᠡᠶᠢᠲᠡ ᠮᠣᠩᠭᠤᠯᠴᠤᠳ ᠤᠨ | ᠳᠤᠮᠳᠠ ᠬᠡᠷᠡᠭᠯᠡᠭᠳᠡᠳᠡᠭ ᠵᠦᠢᠷ ᠰᠡᠴᠡᠨ ᠦᠭᠡ ᠴᠦ ᠪᠠᠷᠭᠤᠴᠤᠳ ᠤᠨ ᠳᠤᠮᠳᠠ ᠥᠷᠭᠡᠨ ᠬᠡᠷᠡᠭᠯᠡᠭᠳᠡᠳᠡᠭ ᠪᠠᠶᠢᠨ᠎ᠠ᠃ | ᠪᠠᠷᠭᠤᠴᠤᠳ ᠤᠰᠤᠨ ᠤ ᠲᠤᠩᠭᠠᠯᠠᠭ ᠢ ᠳᠠᠭᠠᠵᠤ᠂ ᠡᠪᠡᠰᠦᠨ ᠤ ᠰᠣᠷᠭᠤᠭ ᠢ ᠰᠣᠩᠭᠤᠨ ᠮᠠᠯᠵᠢᠯ ᠦᠢᠯᠡᠳᠪᠦᠷᠢᠯᠡᠯ ᠡᠷᠬᠢᠯᠡᠬᠦ ᠶᠠᠪᠤᠴᠠ ᠳᠠᠭᠠᠨ ᠪᠠᠶᠢᠭᠠᠯᠢ | ᠣᠷᠴᠢᠨ ᠤ ᠪᠠᠨ ᠶᠠᠭᠤᠮ᠎ᠠ ᠦᠵᠡᠭᠳᠡᠯ ᠢ ᠨᠠᠷᠢᠯᠢᠭ ᠠᠵᠢᠭᠯᠠᠨ᠂ ᠬᠤᠭᠤᠷᠤᠨᠳᠤᠬᠢ ᠬᠠᠷᠢᠴᠠᠭ᠎ᠠ ᠬᠤᠯᠪᠤᠭ᠎ᠠ᠂ ᠤᠶᠠᠯᠳᠤᠯ ᠨᠢᠭᠡᠳᠦᠯ ᠤᠨ ᠵᠢᠮ᠎ᠡ ᠶᠣᠰᠣ ᠶᠢ ᠤᠬᠠᠭᠠᠯᠢᠭ | ᠲᠠᠨᠢᠵᠤ᠂ ᠥᠪᠡᠷ ᠤᠨ ᠣᠶᠢᠯᠠᠭᠠᠯᠲᠠ᠂ ᠦᠵᠡᠯ ᠪᠣᠳᠤᠯ᠂ ᠰᠠᠨᠠᠭ᠎ᠠ ᠰᠡᠳᠬᠢᠯ ᠪᠠ ᠬᠠᠨᠳᠤᠬᠤ ᠣᠪᠣᠷ᠂ ᠠᠷᠭ᠎ᠠ ᠪᠠᠷᠢᠯ ᠢᠶᠠᠨ ᠡᠳᠦᠷ ᠲᠤᠲᠤᠮ ᠤᠨ ᠪᠠᠶᠢᠩᠭᠤ ᠬᠡᠷᠡᠭᠯᠡᠳᠡᠭ | ᠵᠦᠢᠷ ᠰᠡᠴᠡᠨ ᠦᠭᠡ ᠪᠠᠷ ᠮᠠᠰᠢ ᠵᠥᠪ ᠣᠨᠤᠪᠴᠢᠲᠠᠢ᠂ ᠲᠣᠪᠴᠢ ᠲᠣᠳᠣᠷᠬᠠᠢ᠂ ᠤᠷ᠎ᠠ ᠠᠪᠢᠶᠠᠰᠯᠢᠭ ᠢᠶᠠᠷ ᠴᠢᠳᠠᠮᠠᠭᠠᠢ ᠢᠯᠡᠳᠬᠡᠭᠰᠡᠨ ᠪᠠᠶᠢᠳᠠᠭ᠃ | ᠪᠠᠷᠭᠤᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠨᠢ ᠠᠮᠢᠳᠤᠷᠠᠯ ᠳᠤ ᠰᠠᠭᠤᠷᠢᠯᠠᠭᠰᠠᠨ ᠪᠣᠯᠬᠤᠷ ᠲᠠᠪᠤᠨ ᠬᠤᠰᠢᠭᠤ ᠮᠠᠯ ᠠᠴᠠ ᠡᠰᠢᠯᠡᠵᠦ | ᠰᠡᠳᠦᠪᠯᠡᠭᠰᠡᠨ ᠪᠠ ᠮᠠᠯᠵᠢᠬᠤ ᠦᠢᠯᠡᠳᠪᠦᠷᠢᠯᠡᠯ ᠠᠮᠢᠳᠤᠷᠠᠯ ᠤᠨ ᠣᠷᠴᠢᠨ ᠳᠤ ᠬᠤᠯᠪᠣᠭᠳᠠᠭᠰᠠᠨ᠂ ᠡᠰᠢᠯᠡᠵᠦ ᠥᠭᠦᠯᠡᠭᠰᠡᠨ ᠵᠦᠢᠷ ᠰᠡᠴᠡᠨ ᠦᠭᠡ ᠲᠤᠩ ᠣᠯᠠᠨ | ᠪᠠᠶᠢᠵᠤ᠂ ᠬᠡᠷᠡᠭᠯᠡᠬᠦ ᠳᠤ ᠳᠦᠭᠦᠮ᠂ ᠣᠶᠢᠯᠠᠭᠠᠬᠤ ᠳᠤ ᠠᠮᠠᠷᠬᠠᠨ᠂ ᠥᠩᠭᠡᠷᠡᠭᠰᠡᠨ ᠶᠠᠪᠤᠳᠠᠯ ᠠᠴᠠ ᠣᠯᠣᠭᠰᠠᠨ ᠲᠤᠷᠰᠢᠯᠭ᠎ᠠ ᠰᠤᠷᠭᠠᠮᠵᠢ᠂ ᠦᠢᠯᠡ ᠶᠠᠪᠤᠳᠠᠯ ᠤᠨ ᠶᠣᠰᠣ | ᠳᠦᠷᠢᠮ ᠬᠤᠷᠢᠭ᠎ᠠ ᠴᠡᠭᠡᠷᠯᠡᠯ᠂ ᠦᠨᠡᠨᠴᠢ ᠰᠡᠳᠬᠢᠯ ᠤᠨ ᠰᠠᠨᠠᠭᠤᠯᠭ᠎ᠠ ᠬᠥᠮᠦᠵᠢᠯ ᠤᠨ ᠠᠭᠤᠯᠭ᠎ᠠ ᠭᠦᠨ᠂ ᠬᠡᠯᠪᠡᠷᠢ ᠠᠮᠢᠳᠤᠯᠢᠭ᠂ ᠦᠷ᠎ᠡ ᠦᠢᠯᠡᠳᠦᠯ ᠢᠶᠠᠷ ᠰᠠᠶᠢᠨ | ᠪᠠᠶᠢᠳᠠᠭ᠃ | ᠪᠠᠷᠭᠤᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠨᠢ ᠭᠤᠣᠯᠳᠠᠭᠤ ᠲᠠᠪᠤᠨ ᠬᠤᠰᠢᠭᠤ ᠮᠠᠯ ᠤᠨ ᠵᠠᠩ ᠠᠷᠠᠨᠰᠢᠨ᠂ ᠪᠡᠶ᠎ᠡ ᠪᠢᠯᠳᠠᠷ᠂ ᠲᠥᠷᠬᠦ | ᠲᠥᠯᠥᠪ᠂ ᠦᠢᠯᠡ ᠬᠥᠳᠡᠯᠭᠡᠭᠡᠨ ᠳᠤ ᠬᠤᠯᠪᠣᠭᠳᠠᠭᠰᠠᠨ ᠳᠦᠷᠰᠦᠯᠢᠭ ᠵᠦᠢᠷᠯᠡᠯ ᠦᠭᠡ ᠪᠣᠯᠣᠨ᠎ᠠ᠃ ᠪᠠᠰᠠ ᠮᠠᠯᠵᠢᠬᠤ ᠠᠮᠢᠳᠤᠷᠠᠯ ᠦᠢᠯᠡᠳᠪᠦᠷᠢᠯᠡᠯ ᠤᠨ ᠳᠣᠲᠣᠷᠠᠬᠢ | ᠶᠠᠭᠤᠮ᠎ᠠ ᠦᠵᠡᠭᠳᠡᠯ ᠢ ᠪᠣᠳᠠᠰ ᠤᠨ ᠬᠥᠳᠡᠯᠭᠡᠭᠡᠨ ᠤ ᠵᠢᠮ᠎ᠡ ᠶᠣᠰᠣ ᠳᠤ ᠬᠤᠯᠪᠣᠭᠳᠠᠬᠤ ᠵᠦᠢᠷ ᠰᠡᠴᠡᠨ ᠦᠭᠡ ᠪᠠᠷ ᠲᠣᠳᠣ ᠠᠪᠰᠠᠷᠬᠠᠨ᠂ ᠱᠤᠭ ᠶᠦᠮᠦᠷᠯᠢᠭ | ᠢᠯᠡᠳᠬᠡᠵᠦ᠂ ᠣᠶᠢᠯᠠᠭᠠᠭᠤᠯᠬᠤ᠂ ᠲᠠᠨᠢᠭᠤᠯᠬᠤ᠂ ᠮᠡᠳᠡᠭᠦᠯᠬᠦ ᠵᠣᠷᠢᠯᠲᠠ ᠪᠠᠷ ᠵᠦᠢᠷ ᠰᠡᠴᠡᠨ ᠦᠭᠡ ᠶᠢ ᠲᠤᠰᠬᠠᠢ ᠬᠠᠨᠳᠤᠯᠭ᠎ᠠ ᠴᠢᠭᠯᠡᠯ ᠲᠠᠢ ᠬᠡᠷᠡᠭᠯᠡᠳᠡᠭ ᠪᠠᠶᠢᠨ᠎ᠠ᠃ | ᠪᠠᠷᠭᠤᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠨᠢ ᠬᠡᠷᠡᠭ ᠪᠣᠳᠠᠰ᠂ ᠦᠵᠡᠭᠳᠡᠯ ᠪᠠ ᠶᠠᠪᠤᠴᠠ ᠶᠢᠨ ᠬᠤᠪᠢᠷᠠᠯᠲᠠ ᠶᠢ ᠢᠯᠡᠳᠬᠡᠭᠰᠡᠨ | ᠲᠣᠳᠣᠳᠬᠠᠯ ᠮᠥᠨ᠃ ᠪᠠᠷᠭᠤᠴᠤᠳ ᠤᠨ ᠡᠳᠦᠷ ᠲᠣᠲᠤᠮ ᠤᠨ ᠠᠮᠢᠳᠤᠷᠠᠯ ᠦᠢᠯᠡᠳᠪᠦᠷᠢᠯᠡᠯ ᠳᠤᠮᠳᠠ ᠪᠠᠨ ᠵᠦᠢᠷ ᠰᠡᠴᠡᠨ ᠦᠭᠡ ᠶᠢ ᠴᠢᠳᠠᠮᠠᠭᠠᠢ ᠬᠡᠷᠡᠭᠯᠡᠳᠡᠭ ᠤᠷ᠎ᠠ | ᠠᠪᠢᠶᠠᠰ ᠪᠠ ᠦᠢᠯᠡᠳᠦᠯᠭᠡ ᠵᠢᠴᠢ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠪᠠᠨ ᠬᠤᠷᠢᠶᠠᠩᠭᠤᠶᠢᠯᠠᠨ ᠴᠤᠭᠯᠠᠭᠤᠯᠵᠤ᠂ ᠨᠡᠶᠢᠭᠡᠮ ᠨᠡᠶᠢᠲᠡ ᠶᠢᠨ ᠰᠣᠶᠣᠯ ᠤᠨ | ᠪᠠᠶᠠᠨ ᠥᠪ ᠪᠣᠯᠭᠠᠨ ᠳᠡᠭᠡᠭᠰᠢᠯᠡᠭᠦᠯᠵᠦ ᠴᠢᠳᠠᠭᠰᠠᠨ ᠠᠴᠠ ᠪᠠᠷᠭᠤᠴᠤᠳ ᠪᠣᠯ ᠪᠠᠶᠢᠭᠠᠯᠢᠯᠢᠭ ᠵᠢᠮ᠎ᠡ ᠶᠣᠰᠣ ᠶᠢ ᠮᠠᠰᠢ ᠬᠦᠨᠳᠦᠳᠬᠡᠨ ᠳᠡᠭᠡᠳᠦᠯᠡᠵᠦ᠂ ᠠᠯᠢᠪᠠ ᠶᠢ ᠪᠦᠷ | ᠥᠪᠡᠷ ᠤᠨ ᠲᠤᠰ ᠪᠡᠶ᠎ᠡ ᠶᠢᠨ ᠵᠢᠮ᠎ᠡ ᠪᠠᠷ ᠶᠠᠪᠤᠭᠳᠠᠭᠤᠯᠬᠤ ᠶᠢ ᠡᠷᠬᠢᠮᠯᠡᠳᠡᠭ ᠬᠥᠮᠥᠡᠯᠢᠭ ᠶᠣᠰᠣᠷᠬᠠᠭ ᠵᠠᠩ ᠰᠤᠷᠲᠠᠬᠤᠨ ᠲᠠᠢ ᠬᠥᠮᠥᠰ ᠭᠡᠳᠡᠭ ᠢ ᠮᠡᠳᠡᠵᠦ ᠲᠠᠨᠢᠵᠤ | ᠪᠣᠯᠣᠨ᠎ᠠ᠃ | ᠪᠠᠷᠭᠤᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠶᠢ ᠶᠠᠮᠠᠷ ᠨᠢᠭᠡᠨ ᠬᠥᠮᠥᠨ ᠪᠤᠶᠤ ᠲᠤᠰᠬᠠᠢ ᠪᠠᠶᠢᠭᠤᠯᠤᠮᠵᠢ ᠡᠮᠬᠢᠯᠡᠨ ᠴᠤᠭᠯᠠᠭᠤᠯᠵᠤ᠂ | ᠬᠡᠪᠯᠡᠨ ᠲᠠᠷᠬᠠᠭᠠᠵᠤ᠂ ᠬᠢᠴᠢᠶᠡᠯ ᠬᠥᠮᠦᠵᠢᠯ ᠪᠣᠯᠭᠠᠨ ᠵᠢᠭᠠᠨ ᠰᠤᠷᠭᠠᠵᠤ᠂ ᠴᠡᠭᠡᠵᠢᠯᠡᠭᠦᠯᠦᠨ᠂ ᠬᠡᠷᠡᠭᠯᠡᠬᠦ ᠶᠢ ᠱᠠᠭᠠᠷᠳᠠᠭᠰᠠᠨ ᠪᠢᠰᠢ᠃ ᠬᠠᠷᠢᠨ ᠠᠮᠢᠳᠤᠷᠠᠯ ᠤᠨ ᠳᠤᠮᠳᠠ | ᠡᠪᠦᠭᠡᠳ ᠡᠮᠡᠭᠡᠳ ᠥᠪᠡᠷ ᠤᠨ ᠪᠠᠶᠠᠯᠢᠭ ᠮᠡᠳᠡᠯᠭᠡ ᠪᠠᠷ ᠢᠶᠠᠨ ᠬᠤᠷᠢᠶᠠᠮᠵᠢᠯᠠᠨ ᠠᠪᠤᠭᠰᠠᠨ ᠪᠤᠶᠤ ᠠᠬᠠᠮᠠᠳ ᠨᠠᠰᠤᠲᠠᠨ ᠨᠠᠷ ᠠᠴᠠ ᠤᠯᠠᠮᠵᠢᠯᠠᠨ ᠵᠠᠯᠭᠠᠮᠵᠢᠯᠠᠭᠰᠠᠨ | ᠦᠭᠡ ᠶᠢᠨ ᠤᠷ᠎ᠠ ᠶᠢ ᠠᠮᠢᠳᠤᠷᠠᠯ ᠳᠤ ᠳᠦᠷᠰᠦᠯᠢᠭ ᠬᠡᠷᠡᠭᠯᠡᠵᠦ᠂ ᠬᠡᠦᠬᠡᠳ ᠪᠠᠭᠠᠴᠤᠳ ᠤᠨ ᠦᠭᠡ ᠬᠡᠯᠡᠯᠭᠡ ᠶᠢᠨ ᠤᠷᠮ᠎ᠠ ᠪᠠᠬ᠎ᠠ ᠶᠢ ᠬᠥᠭᠵᠢᠭᠡᠵᠦ᠂ ᠦᠭᠡᠰ ᠤᠨ | ᠰᠠᠩ ᠢ ᠪᠠᠶᠠᠯᠢᠭᠵᠢᠭᠤᠯᠬᠤ ᠵᠣᠷᠢᠯᠲᠠ ᠲᠠᠢ ᠭᠡᠷ ᠪᠦᠯᠢ ᠶᠢᠨ ᠬᠥᠮᠦᠵᠢᠯ ᠠᠴᠠ ᠡᠬᠢᠯᠡᠭᠰᠡᠨ ᠪᠠᠶᠢᠳᠠᠭ᠃ ᠵᠦᠢᠷ ᠰᠡᠴᠡᠨ ᠦᠭᠡ ᠶᠢᠨ ᠪᠠᠭᠰᠢ ᠪᠣᠯ ᠠᠪᠤ ᠡᠵᠢ᠂ ᠡᠪᠦᠭᠡ | ᠡᠮᠡᠭᠡ ᠮᠥᠨ᠃ ᠲᠡᠳᠡᠨ ᠤ ᠰᠤᠷᠬᠤ ᠪᠢᠴᠢᠭ ᠪᠣᠯ ᠠᠮᠢᠳᠤᠷᠠᠯ᠂ ᠰᠤᠷᠬᠤ ᠪᠢᠴᠢᠭ ᠤᠨ ᠠᠭᠤᠯᠭ᠎ᠠ ᠪᠣᠯ ᠶᠠᠭᠤᠮ᠎ᠠ ᠦᠵᠡᠭᠳᠡᠯ᠂ ᠰᠤᠷᠬᠤ ᠮᠡᠳᠡᠬᠦ ᠶᠠᠪᠤᠴᠠ ᠪᠣᠯ ᠠᠪᠤ | ᠡᠵᠢ ᠶᠢᠨ ᠢᠶᠠᠨ ᠬᠡᠯᠡᠬᠦ᠂ ᠡᠪᠦᠭᠡ ᠡᠮᠡᠭᠡ ᠶᠢᠨ ᠢᠶᠠᠨ ᠶᠠᠷᠢᠬᠤ ᠶᠢ ᠬᠢᠴᠢᠶᠡᠩᠭᠦᠶᠢᠯᠡᠨ ᠰᠣᠨᠤᠰᠬᠤ ᠪᠣᠯᠣᠨ᠎ᠠ᠃ ᠠᠪᠤ ᠡᠵᠢ᠂ ᠡᠪᠦᠭᠡ ᠡᠮᠡᠭᠡ ᠦᠷᠬᠦᠯᠵᠢ ᠬᠡᠷᠡᠭᠯᠡᠳᠡᠭ ᠠᠴᠠ | ᠬᠡᠦᠬᠡᠳ ᠤᠨ ᠵᠦᠢᠷ ᠰᠡᠴᠡᠨ ᠦᠭᠡ ᠡᠳᠦᠷ ᠪᠦᠷᠢ ᠬᠤᠷᠠᠮᠳᠤᠨ ᠨᠡᠮᠡᠭᠳᠡᠵᠦ ᠪᠠᠶᠠᠯᠢᠭᠵᠢᠳᠠᠭ᠃ ᠵᠦᠢᠷ ᠰᠡᠴᠡᠨ ᠦᠭᠡ ᠶᠢ ᠬᠡᠯᠡᠳᠡᠭ ᠬᠥᠮᠥᠰ ᠭᠡᠷ ᠪᠦᠯᠢ ᠠᠴᠠ ᠡᠬᠢᠯᠡᠨ | ᠪᠣᠢ ᠪᠣᠯᠵᠤ᠂ ᠠᠶᠢᠯ ᠠᠶᠢᠮᠠᠭ ᠲᠤ ᠲᠠᠷᠬᠠᠨ ᠳᠡᠯᠭᠡᠷᠡᠵᠦ᠂ ᠠᠮᠠ ᠳᠠᠮᠵᠢᠨ ᠤᠯᠠᠮᠵᠢᠯᠠᠵᠤ᠂ ᠪᠦᠬᠦ ᠨᠡᠶᠢᠭᠡᠮ ᠨᠡᠶᠢᠲᠡ ᠶᠢᠨ ᠪᠠᠶᠠᠨ ᠥᠪ ᠪᠣᠯᠳᠠᠭ᠃ | ᠠᠮᠢᠳᠤᠷᠠᠯ ᠲᠠᠢ᠂ ᠠᠮᠢᠳᠤᠷᠠᠯ ᠤᠨ ᠪᠠᠶᠠᠨ ᠥᠪ ᠬᠥᠷᠥᠩᠭᠡ ᠲᠠᠢ ᠦᠨᠳᠦᠰᠦᠲᠡᠨ ᠶᠠᠰᠤᠲᠠᠨ ᠪᠦᠬᠦᠨ ᠳᠤ ᠥᠪᠡᠷ ᠤᠨ ᠬᠢᠨᠢ ᠦᠭᠡᠰ ᠤᠨ ᠰᠠᠩ ᠪᠠᠶᠢᠳᠠᠭ | ᠪᠥᠭᠡᠳ ᠦᠭᠡᠰ ᠤᠨ ᠰᠠᠩ ᠳᠤ ᠨᠢ ᠵᠦᠢᠷ ᠰᠡᠴᠡᠨ ᠦᠭᠡ ᠶᠢᠨ ᠡᠯᠪᠡᠭ ᠪᠠᠶᠠᠨ ᠠᠭᠤᠷᠬᠠᠢ ᠪᠤᠯᠠᠭᠳᠠᠴᠠ ᠪᠠᠶᠢᠳᠠᠭ᠃ ᠪᠠᠷᠭᠤᠴᠤᠳ ᠪᠣᠯ ᠮᠣᠩᠭᠤᠯ ᠤᠨ | ᠥᠨᠳᠦᠷᠯᠢᠭ ᠤᠨ ᠪᠡᠯᠴᠢᠭᠡᠷ ᠤᠨ ᠮᠠᠯ ᠮᠠᠯᠵᠢᠯ ᠤᠨ ᠠᠮᠢᠳᠤᠷᠠᠯ ᠳᠤ ᠢᠳᠡᠭᠡᠰᠢᠵᠦ ᠴᠠᠭᠠᠷᠠᠭᠰᠠᠨ ᠨᠡᠭᠦᠳᠡᠯᠴᠢᠨ ᠵᠣᠨ ᠮᠥᠨ᠃ ᠪᠠᠷᠭᠤᠴᠤᠳ᠂ ᠮᠣᠩᠭᠤᠯ ᠤᠨ | ᠥᠨᠳᠦᠷᠯᠢᠭ ᠤᠨ ᠪᠠᠶᠢᠭᠠᠯᠢ ᠣᠷᠴᠢᠨ ᠤ ᠬᠠᠲᠠᠭᠤ ᠪᠡᠷᠬᠡ ᠪᠠᠶᠢᠭᠠᠯᠢ ᠨᠡᠶᠢᠭᠡᠮ ᠤᠨ ᠰᠢᠯᠭᠠᠷᠠᠯ ᠢ ᠬᠦᠯᠢᠶᠡᠵᠦ᠂ ᠲᠠᠰᠤᠷᠠᠯᠲᠠ ᠦᠭᠡᠢ ᠨᠡᠭᠦᠳᠡᠯ ᠤᠨ ᠳᠤᠮᠳᠠ | ᠥᠪᠡᠷ ᠢ ᠪᠠᠨ ᠳᠠᠪᠲᠠᠨ ᠪᠣᠯᠪᠠᠰᠤᠷᠠᠭᠤᠯᠵᠤ᠂ ᠬᠥᠭᠵᠢᠭᠦᠯᠦᠨ ᠪᠤᠵᠠᠭᠠᠶᠢᠷᠠᠭᠤᠯᠵᠤ᠂︽ᠪᠠᠶᠠᠨ ᠪᠠᠷᠭᠤ︾ ᠭᠡᠵᠦ ᠠᠯᠳᠠᠷᠰᠢᠭᠰᠠᠨ ᠶᠤᠮ᠃ ᠲᠡᠳᠡ ᠮᠠᠯ ᠠᠬᠤᠢ ᠪᠠᠷ ᠬᠤᠣᠰ | ᠦᠭᠡᠢ︽ᠪᠠᠶᠠᠨ ᠪᠠᠷᠭᠤ︾ ᠪᠥᠭᠡᠳ ᠪᠠᠶᠢᠭᠠᠯᠢ ᠣᠷᠴᠢᠨ ᠲᠠᠢ ᠪᠠᠨ ᠵᠣᠬᠢᠴᠠᠨ ᠠᠮᠢᠳᠤᠷᠠᠬᠤ ᠤᠷ᠎ᠠ ᠡᠷᠳᠡᠮ ᠢᠶᠠᠷ ᠴᠦ ᠪᠤᠰᠤᠳ ᠠᠴᠠ ᠬᠡᠲᠦ᠋ᠢᠭᠰᠡᠨ︽ᠪᠠᠶᠠᠨ ᠪᠠᠷᠭᠤ︾ | ᠮᠥᠨ᠃ ᠲᠡᠳᠡ ᠪᠣᠯ ᠠᠮᠢᠳᠤᠷᠠᠯ ᠤᠨ ᠮᠡᠳᠡᠯᠭᠡ᠂ ᠨᠡᠶᠢᠭᠡᠮ ᠤᠨ ᠲᠤᠷᠰᠢᠯᠭ᠎ᠠ᠂ ᠦᠢᠯᠡᠳᠪᠦᠷᠢᠯᠡᠯ ᠤᠨ ᠮᠡᠷᠭᠡᠵᠢᠯ ᠢᠶᠠᠨ ᠤᠬᠠᠭᠠᠨ ᠤ ᠰᠡᠷᠭᠦᠯᠡᠩ᠂ ᠦᠭᠡ ᠶᠢᠨ ᠤᠷ᠎ᠠ ᠪᠠᠷ | ᠢᠯᠡᠳᠬᠡᠵᠦ ᠴᠢᠳᠠᠳᠠᠭ︽ᠪᠠᠶᠠᠨ ᠪᠠᠷᠭᠤ︾ ᠮᠥᠨ᠃ ᠪᠠᠷᠭᠤᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠪᠣᠯ︽ᠪᠠᠶᠠᠨ ᠪᠠᠷᠭᠤ︾ ᠶᠢᠨ ᠤᠬᠠᠭᠠᠨ ᠤ | ᠠᠭᠤᠷᠬᠠᠢ ᠶᠢᠨ ᠨᠡᠭᠡᠭᠡᠯᠲᠡ᠂ ᠦᠢᠯᠡᠳᠪᠦᠷᠢᠯᠡᠯ ᠠᠮᠢᠳᠤᠷᠠᠯ ᠤᠨ ᠰᠣᠳᠣᠨ ᠪᠦᠲᠦᠭᠡᠯ ᠮᠥᠨ᠃ ᠪᠠᠷᠭᠤ ᠲᠡᠦᠬᠡ ᠰᠣᠶᠣᠯ ᠤᠨ ᠪᠠᠶᠠᠨ ᠥᠪ ᠤᠨ ᠳᠤᠲᠠᠭᠳᠠᠰᠢ ᠦᠭᠡᠢ | ᠨᠢᠭᠡᠨ ᠬᠡᠰᠡᠭ ᠮᠥᠨ᠃ | ᠪᠠᠷᠭᠤᠴᠤᠳ ᠤᠬᠠᠭᠠᠨ ᠰᠡᠷᠭᠦᠯᠡᠩ᠂ ᠦᠭᠡ ᠬᠤᠷᠴᠠ᠂ ᠦᠭᠡᠰ ᠤᠨ ᠰᠠᠩ ᠪᠠᠶᠠᠯᠢᠭ ᠪᠠᠶᠢᠳᠠᠭ ᠲᠤᠯᠠ ᠡᠳᠦᠷ ᠲᠤᠲᠤᠮ ᠤᠨ ᠠᠮᠢᠳᠤᠷᠠᠯ ᠳᠤ ᠬᠡᠷᠡᠭᠯᠡᠳᠡᠭ | ᠵᠦᠢᠷ ᠰᠡᠴᠡᠨ ᠦᠭᠡ ᠴᠦ ᠵᠠᠬ᠎ᠠ ᠠᠴᠠ ᠠᠪᠤᠭᠠᠳ ᠣᠯᠠᠨ ᠪᠠᠶᠢᠵᠤ᠂ ᠪᠠᠶᠢᠩᠭᠤ ᠬᠡᠷᠡᠭᠯᠡᠭᠳᠡᠳᠡᠭ᠃ ᠪᠠᠶᠢᠩᠭᠤ ᠬᠡᠷᠡᠭᠯᠡᠭᠳᠡᠳᠡᠭ ᠵᠦᠢᠷ ᠰᠡᠴᠡᠨ ᠦᠭᠡ ᠶᠢᠨ | ᠳᠣᠲᠣᠷ᠎ᠠ ᠠᠴᠠ ᠲᠠᠪᠤᠨ ᠬᠤᠰᠢᠭᠤ ᠮᠠᠯ ᠳᠤ ᠬᠤᠯᠪᠣᠭᠳᠠᠬᠤ ᠪᠠ ᠡᠳᠦᠷ ᠲᠤᠲᠤᠮ ᠤᠨ ᠠᠮᠢᠳᠤᠷᠠᠯ ᠳᠤ ᠰᠤᠷᠭᠠᠮᠵᠢ ᠪᠣᠯᠬᠤ ᠵᠦᠢᠷ ᠰᠡᠴᠡᠨ ᠦᠭᠡᠰ ᠠᠴᠠ ᠬᠡᠳᠦ ᠶᠢ | ᠲᠡᠭᠦᠪᠦᠷᠢᠯᠡᠨ ᠲᠡᠮᠳᠡᠭᠯᠡᠵᠦ᠂ ᠤᠩᠰᠢᠭᠴᠢᠳ ᠲᠤ ᠰᠣᠨᠢᠷᠬᠠᠭᠤᠯᠤᠶ᠎ᠠ᠃ | | | ᠵᠣᠭᠳᠣᠷ ᠦᠭᠡᠢ ᠲᠡᠮᠡᠭᠡ ᠶᠠᠭ | ᠵᠣᠷᠢᠭ ᠦᠭᠡᠢ ᠬᠥᠮᠥᠨ ᠲᠠᠭ | | ᠠᠲᠠᠨ ᠲᠡᠮᠡᠭᠡᠨ ᠤ ᠠᠯᠬᠤᠭ᠎ᠠ ᠲᠠᠢ ᠨᠢ ᠰᠠᠶᠢᠬᠠᠨ | ᠠᠬᠠᠮᠠᠳ ᠬᠥᠮᠥᠨ ᠤ ᠵᠢᠷᠤᠮ ᠲᠠᠢ ᠨᠢ ᠰᠠᠶᠢᠬᠠᠨ | | ᠲᠡᠪᠡᠨᠡ ᠶᠢᠨ ᠴᠢᠨᠡᠭᠡ ᠨᠦᠬᠡ ᠪᠠᠷ | ᠲᠡᠮᠡᠭᠡᠨ ᠴᠢᠨᠡᠭᠡ ᠰᠠᠯᠬᠢ | | ᠦᠭᠡ ᠶᠢᠨ ᠴᠥᠭᠡᠨ ᠨᠢ ᠰᠠᠶᠢᠨ | ᠦᠬᠡᠷ ᠤᠨ ᠣᠯᠠᠨ ᠨᠢ ᠰᠠᠶᠢᠨ | | ᠦᠭᠡ ᠶᠢᠨ ᠳᠣᠲᠣᠷ᠎ᠠ ᠦᠭᠡ ᠲᠠᠢ | ᠦᠨᠢᠶ᠎ᠡ ᠶᠢᠨ ᠳᠣᠲᠣᠷ᠎ᠠ ᠲᠤᠭᠤᠯ ᠲᠠᠢ | | ᠲᠡᠵᠢᠭᠡᠭᠰᠡᠨ ᠪᠢᠷᠠᠭᠤ | ᠲᠡᠷᠭᠡ ᠡᠪᠳᠡᠨ᠎ᠡ | | ᠨᠡᠭᠦᠬᠦ ᠠᠴᠠ ᠪᠠᠨ ᠡᠮᠦᠨ᠎ᠡ ᠪᠡᠯᠴᠢᠭᠡᠷ ᠢᠶᠠᠨ | ᠪᠠᠭᠤᠬᠤ ᠠᠴᠠ ᠪᠠᠨ ᠡᠮᠦᠨ᠎ᠡ ᠪᠠᠭᠤᠴᠠ ᠪᠠᠨ | | ᠥᠨᠥᠴᠢᠨ ᠢ ᠲᠡᠳᠬᠦᠵᠦ ᠬᠥᠮᠥᠨ ᠪᠣᠯᠭᠠᠬᠤ | ᠡᠷᠭᠦᠳᠡᠭ ᠢ ᠲᠡᠵᠢᠭᠡᠵᠦ ᠮᠠᠯ ᠪᠣᠯᠭᠠᠬᠤ | | ᠪᠡᠯᠡᠳᠬᠡᠯ ᠤᠨ ᠰᠠᠶᠢᠨ ᠢᠶᠠᠷ ᠦᠷᠡᠵᠢᠵᠦ | ᠪᠡᠯᠴᠢᠭᠡᠷ ᠤᠨ ᠰᠠᠶᠢᠨ ᠢᠶᠠᠷ ᠲᠠᠷᠭᠤᠯᠠᠬᠤ | | ᠨᠢᠭᠡ ᠤᠰᠤ ᠲᠠᠢ | ᠨᠡᠶᠢᠯᠡᠬᠦ ᠪᠡᠯᠴᠢᠭᠡᠷ ᠲᠠᠢ | | ᠣᠷᠤᠭ᠎ᠠ ᠮᠣᠷᠢ ᠶᠢ ᠤᠷᠭ᠎ᠠ ᠪᠠᠷ | ᠠᠭᠤᠷ ᠲᠠᠢ ᠬᠥᠮᠥᠨ ᠢ ᠠᠷᠭ᠎ᠠ ᠪᠠᠷ | | ᠳᠣᠣᠷᠠᠬᠢ ᠬᠥᠮᠥᠨ ᠳᠤ ᠮᠡᠳᠡᠯ ᠦᠭᠡᠢ | ᠳᠣᠭᠤᠯᠠᠩ ᠮᠣᠷᠢᠨ ᠳᠤ ᠵᠢᠷᠤᠭ᠎ᠠ ᠦᠭᠡᠢ | | ᠢᠰᠢᠭᠡᠨ ᠲᠡᠭᠡ ᠶᠢᠨ | ᠲᠣᠴᠢᠭ ᠨᠢ ᠶᠡᠭᠡ | | |