2025 ᠣᠨ ᠳᠤ᠂ ᠪᠦᠬᠦ ᠬᠤᠰᠢᠭᠤ ᠪᠠᠷ ᠢᠶᠠᠨ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠥᠭᠭᠦᠭᠰᠡᠨ ᠴᠢᠬᠤᠯᠠ ᠵᠢᠭᠠᠪᠤᠷᠢ | ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠨᠢᠭᠡ ᠭᠤᠣᠯ ᠱᠤᠭᠤᠮ ᠳᠤ ᠲᠤᠭᠤᠰᠢᠯᠠᠭᠳᠠᠵᠤ᠂ ᠬᠤᠶᠠᠷ | ᠶᠡᠭᠡ ᠶᠠᠪᠤᠳᠠᠯ ᠢ ᠰᠠᠶᠢᠲᠤᠷ ᠬᠢᠵᠦ᠂ ︽ᠵᠢᠷᠭᠤᠭᠠᠨ ᠢᠨᠵᠧᠨᠧᠷᠢᠩ︾᠂ ︽ᠵᠢᠷᠭᠤᠭᠠᠨ ᠠᠵᠢᠯᠯᠠᠭ᠎ᠠ︾ ᠶᠢ ᠲᠦᠷᠭᠡᠨ ᠬᠡᠷᠡᠭᠵᠢᠭᠦᠯᠦᠨ᠂ ᠲᠠᠪᠤᠨ ᠵᠦᠢᠯ ᠤᠨ | ᠥᠭᠡᠷᠡᠴᠢᠯᠡᠯᠲᠡ ᠶᠢᠨ ᠰᠡᠳᠦᠪ ᠤᠨ ᠦᠷ᠎ᠡ ᠪᠦᠲᠦᠭᠡᠯ ᠤᠨ ᠬᠤᠪᠢᠷᠠᠭᠤᠯᠤᠯᠲᠠ ᠶᠢ ᠪᠥᠬᠦ ᠲᠠᠯ᠎ᠠ ᠪᠠᠷ ᠠᠬᠢᠭᠤᠯᠵᠤ᠂ ᠠᠵᠤ ᠦᠢᠯᠡᠳᠪᠦᠷᠢ᠂ ᠪᠡᠯᠡ | ᠣᠷᠣᠭᠤᠯᠤᠯᠲᠠ ᠶᠢᠨ ᠨᠡᠮᠡᠭᠳᠡᠯ ᠤᠨ ᠬᠠᠨᠳᠤᠰᠢ ᠰᠠᠶᠢᠨ ᠪᠣᠯᠵᠤ᠂ ᠬᠡᠷᠡᠭᠯᠡᠭᠡᠨ ᠤ ᠵᠠᠬ᠎ᠠ ᠳᠡᠯᠭᠡᠭᠦᠷ ᠦᠷᠭᠦᠯᠵᠢᠯᠡᠨ ᠰᠡᠷᠭᠦᠵᠦ᠂ ᠪᠥᠬᠦ ᠬᠤᠰᠢᠭᠤᠨ ᠤ ᠠᠵᠤ ᠠᠬᠤᠢ | ᠲᠣᠭᠲᠠᠭᠤᠨ ᠢᠶᠠᠷ ᠡᠬᠢᠯᠡᠨ ᠬᠥᠭᠵᠢᠵᠦ᠂ ᠬᠥᠭᠵᠢᠯᠲᠡ ᠶᠢᠨ ᠬᠠᠨᠳᠤᠰᠢ ᠰᠠᠶᠢᠵᠢᠷᠠᠪᠠ᠃ | ᠨᠢᠭᠡ᠂ ᠠᠵᠤ ᠦᠢᠯᠡᠳᠪᠦᠷᠢ ᠰᠡᠷᠭᠦᠯᠲᠡ ᠶᠢᠨ ᠴᠢᠨᠠᠷᠲᠠᠢ ᠨᠡᠮᠡᠭᠳᠡᠯ ᠲᠠᠢ ᠪᠣᠯᠪᠠ | 1-2 ᠰᠠᠷ᠎ᠠ ᠳᠤ᠂ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠥᠷᠲᠡᠭ ᠠᠳᠠᠯᠢ ᠬᠤᠭᠤᠴᠠᠭᠠᠨ ᠤ ᠬᠢ ᠠᠴᠠ 32.2% | ᠨᠡᠮᠡᠭᠳᠡᠵᠦ᠂ ᠳᠡᠭᠡᠷ᠎ᠡ ᠵᠢᠯ ᠤᠨ ᠠᠳᠠᠯᠢ ᠬᠤᠭᠤᠴᠠᠭᠠᠨ ᠤ ᠬᠢ ᠠᠴᠠ 63.4 ᠵᠠᠭᠤᠨ ᠤ ᠨᠢᠭᠡᠴᠢ ᠲᠦᠷᠭᠡᠳᠴᠡᠢ᠃ ᠴᠠᠬᠢᠯᠭᠠᠨ ᠭᠠᠷᠭᠠᠭᠰᠠᠨ ᠬᠡᠮᠵᠢᠶ᠎ᠡ 3347.4 | ᠲᠦᠮᠡᠨ ᠺᠢᠯᠣᠸᠠᠲ ᠴᠠᠭ᠂ ᠠᠳᠠᠯᠢ ᠬᠤᠭᠤᠴᠠᠭᠠᠨ ᠤ ᠬᠢ ᠠᠴᠠ 6.6% ᠪᠠᠷ ᠪᠠᠭᠤᠷᠠᠪᠠ︔ ᠴᠠᠭᠠᠨ ᠢᠳᠡᠭᠡᠨ ᠤ ᠭᠠᠷᠤᠯᠲᠠ 285 ᠲᠣᠨ ᠳᠤ ᠬᠦᠷᠴᠦ᠂ ᠠᠳᠠᠯᠢ | ᠬᠤᠭᠤᠴᠠᠭᠠᠨ ᠤ ᠬᠢ ᠠᠴᠠ 41.4% ᠪᠠᠭᠤᠷᠠᠵᠠᠢ᠃ | ᠬᠤᠶᠠᠷ᠂ ᠪᠡᠯᠡ ᠣᠷᠣᠭᠤᠯᠤᠯᠲᠠ ᠰᠠᠶᠢᠨ ᠡᠬᠢᠯᠡᠯᠲᠡ ᠲᠠᠢ ᠪᠣᠯᠪᠠ | 1-2 ᠰᠠᠷ᠎ᠠ ᠳᠤ᠂ ᠬᠢᠵᠠᠭᠠᠷᠯᠠᠭᠰᠠᠨ ᠲᠤᠭ᠎ᠠ ᠠᠴᠠ ᠳᠡᠭᠡᠭᠰᠢᠬᠢ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ 1978 ᠲᠦᠮᠡᠨ | ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 37.6% ᠨᠡᠮᠡᠭᠳᠡᠵᠡᠢ᠃ ᠲᠣᠰ ᠵᠢᠯ ᠤᠨ 1 ︱ 2 ᠳ᠋ᠤᠭᠠᠷ ᠰᠠᠷ᠎ᠠ ᠳᠤ ᠪᠠᠷᠢᠯᠭ᠎ᠠ ᠶᠢᠨ ᠲᠥᠷᠥᠯ | ᠵᠦᠢᠯ 27᠂ 500 ︱ 5000 ᠲᠦᠮᠡᠨ ᠲᠥᠭᠦᠷᠢᠭ ᠤᠨ ᠲᠥᠷᠥᠯ ᠵᠦᠢᠯ 24 ᠪᠠᠶᠢᠵᠤ᠂ ᠪᠥᠬᠦ ᠲᠥᠷᠥᠯ ᠵᠦᠢᠯ ᠤᠨ 88.9% ᠶᠢ ᠡᠵᠡᠯᠡᠵᠦ᠂ 5000 | ᠲᠦᠮᠡᠨ ᠲᠥᠭᠦᠷᠢᠭ ᠠᠴᠠ ᠳᠡᠭᠡᠭᠰᠢᠬᠢ ᠲᠥᠷᠥᠯ ᠵᠦᠢᠯ 3 ᠪᠠᠶᠢᠵᠤ᠂ 11.1% ᠶᠢ ᠡᠵᠡᠯᠡᠨ᠎ᠡ᠂ ᠡᠭᠦᠨ ᠳᠤ ᠳ᠋ᠦᠩᠰᠢᠭᠤᠷ ᠲᠥᠭᠦᠷᠢᠭ ᠠᠴᠠ ᠳᠡᠭᠡᠭᠰᠢᠬᠢ ᠪᠡᠯᠡ | ᠣᠷᠣᠭᠤᠯᠤᠯᠲᠠ ᠶᠢᠨ ᠲᠥᠷᠥᠯ ᠵᠦᠢᠯ 1 ᠪᠠᠶᠢᠨ᠎ᠠ᠃ ᠲᠣᠰ ᠵᠢᠯ ᠤᠨ 1-2 ᠰᠠᠷ᠎ᠠ ᠳᠤ ᠭᠡᠷ ᠪᠠᠶᠢᠰᠢᠩ ᠭᠠᠵᠠᠷ ᠰᠢᠷᠣᠢ ᠶᠢᠨ ᠬᠥᠷᠥᠩᠭᠡ ᠶᠢ ᠨᠡᠭᠡᠭᠡᠨ ᠠᠰᠢᠭᠯᠠᠬᠤ | ᠲᠥᠷᠥᠯ ᠵᠦᠢᠯ 2 ᠪᠣᠶ᠃ | ᠭᠤᠷᠪᠠ᠂ ᠬᠡᠷᠡᠭᠯᠡᠭᠡᠨ ᠤ ᠵᠠᠬ᠎ᠠ ᠳᠡᠯᠭᠡᠭᠦᠷ ᠦᠷᠭᠦᠯᠵᠢᠯᠡᠨ ᠰᠡᠷᠭᠦᠵᠦ ᠪᠠᠶᠢᠨ᠎ᠠ | 1-2 ᠰᠠᠷ᠎ᠠ ᠳᠤ᠂ ᠨᠡᠶᠢᠭᠡᠮ ᠤᠨ ᠬᠡᠷᠡᠭᠯᠡᠭᠡᠨ ᠤ ᠵᠦᠢᠯ ᠤᠨ ᠵᠢᠵᠢᠭᠯᠡᠨ ᠬᠤᠳᠠᠯᠳᠤᠭᠰᠠᠨ ᠪᠥᠬᠦ ᠲᠤᠭ᠎ᠠ 15910 ᠲᠦᠮᠡᠨ ᠲᠥᠭᠦᠷᠢᠭ ᠲᠤ ᠬᠦᠷᠴᠦ᠂ | ᠠᠳᠠᠯᠢ ᠬᠤᠭᠤᠴᠠᠭᠠᠨ ᠤ ᠬᠢ ᠠᠴᠠ 2.5% ᠪᠠᠷ ᠨᠡᠮᠡᠭᠳᠡᠨ᠂ ᠲᠦᠷᠦᠭᠦᠸ ᠵᠢᠯ ᠤᠨ ᠠᠳᠠᠯᠢ ᠬᠤᠭᠤᠴᠠᠭᠠᠨ ᠤ ᠬᠢ ᠠᠴᠠ 0.3 ᠵᠠᠭᠤᠨ ᠤ ᠨᠢᠭᠡᠴᠢ ᠲᠦᠷᠭᠡᠳᠪᠡ᠃ | ᠳᠥᠷᠪᠡ᠂ ᠡᠩ ᠤᠨ ᠤᠯᠠᠨ ᠨᠡᠶᠢᠲᠡ ᠶᠢᠨ ᠲᠥᠰᠥᠪ ᠤᠨ ᠵᠠᠷᠤᠯᠭ᠎ᠠ ᠶᠢᠨ ᠨᠡᠮᠡᠭᠳᠡᠯ ᠤᠨ ᠬᠡᠮᠵᠢᠶ᠎ᠡ | 1-2 ᠰᠠᠷ᠎ᠠ ᠳᠤ᠂ ᠡᠩ ᠤᠨ ᠣᠯᠠᠨ ᠨᠡᠶᠢᠲᠡ ᠶᠢᠨ ᠲᠥᠰᠥᠪ ᠤᠨ ᠣᠷᠣᠯᠭ᠎ᠠ 830 ᠲᠦᠮᠡᠨ ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ | ᠬᠢ ᠠᠴᠠ 1.3% ᠪᠠᠷ ᠨᠡᠮᠡᠭᠳᠡᠪᠡ᠂ ᠡᠭᠦᠨ ᠳᠤ᠂ ᠭᠠᠶᠢᠯᠢ ᠶᠢᠨ ᠣᠷᠣᠯᠭ᠎ᠠ 508 ᠲᠦᠮᠡᠨ ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 1% | ᠪᠠᠷ ᠨᠡᠮᠡᠭᠳᠡᠪᠡ︔ ᠭᠠᠶᠢᠯᠢ ᠶᠢᠨ ᠪᠤᠰᠤ ᠣᠷᠣᠯᠭ᠎ᠠ 322 ᠲᠦᠮᠡᠨ ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 1.9% ᠨᠡᠮᠡᠭᠳᠡᠪᠡ᠃ | ᠡᠩ ᠤᠨ ᠣᠯᠠᠨ ᠨᠡᠶᠢᠲᠡ ᠶᠢᠨ ᠲᠥᠰᠥᠪ ᠤᠨ ᠵᠠᠷᠤᠯᠭ᠎ᠠ 19279 ᠲᠦᠮᠡᠨ ᠲᠥᠭᠦᠷᠢᠭ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 66.0% ᠨᠡᠮᠡᠭᠳᠡᠪᠡ᠃ | ᠶᠡᠷᠦᠩᠬᠡᠢ ᠳᠤᠨᠢ ᠠᠪᠴᠤ ᠦᠵᠡᠪᠡᠯ᠂ 1— 2 ᠰᠠᠷ᠎ᠠ ᠳᠤ ᠪᠦᠭᠦ ᠬᠤᠰᠢᠭᠤᠨ ᠤ ᠠᠵᠤ ᠠᠬᠤᠢ ᠶᠢᠨ ᠰᠡᠷᠭᠦᠯᠲᠡ ᠶᠢᠨ ᠪᠠᠶᠢᠳᠠᠯ ᠨᠡᠯᠢᠶᠡᠳ ᠰᠠᠶᠢᠨ | ᠪᠠᠶᠢᠵᠤ᠂ ᠠᠵᠤ ᠦᠢᠯᠡᠳᠪᠦᠷᠢ ᠶᠢᠨ ᠦᠢᠯᠡᠳᠪᠦᠷᠢᠯᠡᠯ ᠲᠦᠷᠭᠡᠨ ᠰᠡᠷᠭᠦᠵᠦ᠂ ᠪᠡᠯᠡ ᠣᠷᠣᠭᠤᠯᠤᠯᠲᠠ ᠶᠢᠨ ᠨᠡᠮᠡᠭᠳᠡᠯ ᠤᠨ ᠬᠤᠷᠳᠤᠴᠠ ᠢᠯᠡᠳᠲᠡ ᠳᠡᠭᠡᠭᠰᠢᠯᠡᠵᠦ᠂ | ᠵᠠᠬ᠎ᠠ ᠳᠡᠯᠭᠡᠭᠦᠷ ᠤᠨ ᠠᠮᠢᠵᠢᠷᠠᠯ ᠤᠨ ᠬᠦᠴᠦᠨ ᠲᠠᠰᠤᠷᠠᠯᠲᠠ ᠦᠭᠡᠢ ᠪᠠᠳᠠᠷᠠᠵᠤ ᠪᠠᠶᠢᠨ᠎ᠠ᠃ ᠲᠠᠷᠠᠭᠠᠴᠢ ᠶᠢᠨ ᠱᠠᠲᠤᠨ ᠳᠤ᠂ ᠪᠥᠬᠦ ᠬᠤᠰᠢᠭᠤᠨ ᠤ ᠬᠢᠨ ᠰᠢ ᠶᠢᠨ | ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠣᠯᠭᠠᠬᠤ ᠶᠢ ᠪᠠᠷᠢᠮᠲᠠᠯᠠᠵᠤ | ᠂ ᠲᠥᠪ ᠤᠨ ᠠᠵᠤ ᠠᠬᠤᠢ ᠶᠢᠨ ᠠᠵᠢᠯ ᠤᠨ ᠬᠤᠷᠠᠯ ᠪᠠ ᠪᠥᠬᠦ ᠤᠯᠤᠰ ᠤᠨ ᠬᠤᠶᠠᠷ ᠬᠤᠷᠠᠯ ᠤᠨ ᠵᠣᠷᠢᠭ ᠰᠠᠨᠠᠭ᠎ᠠ ᠶᠢ ᠪᠥᠬᠦ ᠲᠠᠯ᠎ᠠ ᠪᠠᠷ ᠲᠤᠭᠤᠰᠢᠯᠠᠭᠤᠯᠤᠨ | ᠨᠠᠶᠢᠳᠠᠪᠤᠷᠢᠵᠢᠭᠤᠯᠵᠤ᠂ ᠲᠣᠭᠲᠠᠭᠤᠨ ᠤ ᠳᠤᠮᠳᠠ ᠤᠷᠤᠭᠰᠢᠯᠠᠨ ᠳᠠᠪᠰᠢᠬᠤ ᠠᠵᠢᠯ ᠤᠨ ᠶᠡᠷᠦᠩᠬᠡᠢ ᠬᠥᠭ ᠠᠶᠠᠰ ᠢ ᠪᠠᠷᠢᠮᠲᠠᠯᠠᠨ᠂ ᠠᠵᠤ ᠠᠬᠤᠢ ᠶᠢᠨ ᠲᠣᠭᠲᠠᠭᠤᠨ | ᠰᠡᠷᠭᠦᠯᠲᠡ ᠶᠢᠨ ᠰᠠᠭᠤᠷᠢ ᠶᠢ ᠤᠯᠠᠮ ᠨᠢᠭᠡ ᠠᠯᠬᠤᠮ ᠪᠠᠬᠢᠵᠢᠭᠦᠯᠵᠦ᠂ ᠬᠥᠳᠡᠯᠭᠡᠬᠦ ᠬᠦᠴᠦᠨ ᠢ ᠴᠢᠩᠭᠠᠷᠠᠭᠤᠯᠤᠨ᠂ ᠠᠮᠢᠵᠢᠷᠠᠯ ᠤᠨ ᠬᠦᠴᠦᠨ ᠢ ᠬᠥᠭᠵᠢᠭᠡᠵᠦ᠂ | ᠵᠢᠱᠢᠯᠲᠡ ᠶᠢ ᠰᠠᠶᠢᠵᠢᠷᠠᠭᠤᠯᠬᠤ ᠪᠠᠷ ᠬᠦᠴᠦᠯᠡᠨ ᠴᠢᠷᠮᠠᠶᠢᠵᠤ᠂ ᠨᠢᠭᠡᠳᠦᠭᠡᠷ ᠤᠯᠠᠷᠢᠯ ᠤᠨ ᠠᠵᠤ ᠠᠬᠤᠢ ᠶᠢᠨ ︽ᠰᠠᠶᠢᠨ ᠡᠬᠢᠯᠡᠯᠲᠡ ᠲᠠᠢ ᠪᠣᠯᠬᠤ︾ ᠶᠢ ᠴᠢᠷᠮᠠᠶᠢᠨ | ᠪᠡᠶᠡᠯᠡᠭᠦᠯᠦᠨ᠎ᠡ᠃ | | |