ᠴᠢᠰᠤ ᠬᠠᠨᠳᠢᠪᠯᠡᠬᠤ ᠨᠢ ᠪᠤᠰᠤᠳ ᠲᠤ ᠲᠤᠰᠠᠲᠠᠢ ᠥᠪᠡᠷᠰᠡᠳ ᠲᠤ ᠠᠰᠢᠭᠲᠠᠢ
ᠨᠡᠶᠢᠲᠡᠯᠡᠭᠰᠡᠨ ᠴᠠᠭ᠄
2025/3/28
          ᠴᠢᠰᠤ ᠶᠡᠭᠦᠯᠡᠬᠦ ᠪᠣᠯ ᠤᠳᠤ ᠦᠶ᠎ᠡ ᠶᠢᠨ ᠡᠮᠴᠢᠯᠡᠭᠡᠨ ᠤ ᠴᠢᠬᠤᠯᠠ ᠠᠷᠭ᠎ᠠ ᠪᠠᠷᠢᠯ ᠪᠣᠯᠣᠨ᠎ᠠ᠂ ᠲᠠᠷᠠ ᠨᠢ ᠡᠮᠴᠢᠯᠡᠭᠡᠨ ᠳᠤ ᠡᠪᠡᠳᠴᠢᠲᠡᠨ ᠤ ᠠᠮᠢ ᠨᠠᠰᠤ ᠎ ᠶᠢ ᠠᠪᠤᠷᠠᠨ ᠵᠠᠰᠠᠬᠤ ᠳᠤ ᠪᠤᠰᠤᠳ ᠡᠮ ᠢᠶᠠᠷ ᠣᠷᠣᠯᠠᠭᠤᠯᠵᠤ ᠪᠣᠯᠣᠰᠢ ᠦᠭᠡᠢ ᠦᠢᠯᠡᠳᠦᠯ ᠢ ᠭᠠᠷᠭᠠᠳᠠᠭ᠃ ᠡᠪᠡᠳᠴᠢᠲᠡᠨ ᠶᠡᠭᠡ ᠬᠡᠮᠵᠢᠶᠡᠨ ᠤ ᠴᠢᠰᠤ ᠠᠯᠳᠠᠬᠤ ᠪᠤᠶᠤ ᠲᠣᠮᠣ ᠮᠡᠰᠡ ᠵᠠᠰᠠᠯ ᠬᠢᠬᠦ ᠵᠢᠴᠢ ᠬᠦᠨᠳᠦ ᠨᠣᠴᠢᠲᠠᠢ ᠰᠢᠲᠠᠭᠰᠠᠨ ᠰᠢᠷᠬ᠎ᠠ᠂ ᠰᠢᠷᠬᠠᠲᠤᠬᠤ ᠠᠯᠢ ᠡᠰᠡᠬᠦᠯ᠎ᠡ ᠵᠠᠷᠢᠮ ᠴᠢᠰᠤᠨ ᠤ ᠡᠪᠡᠳᠴᠢᠨ ᠣᠯᠣᠭᠰᠠᠨ ᠬᠥᠮᠥᠨ ᠳᠤ ᠦᠷᠭᠦᠯᠵᠢ ᠴᠢᠰᠤ ᠶᠡᠭᠦᠯᠡᠬᠦ ᠡᠮᠴᠢᠯᠡᠭᠡ ᠬᠢᠬᠦ ᠴᠢᠬᠤᠯᠠᠲᠠᠢ ᠪᠠᠶᠢᠳᠠᠭ᠃ ᠣᠳᠣᠬᠠᠨ ᠳᠤ ᠡᠮᠨᠡᠯᠭᠡ ᠶᠢᠨ ᠡᠮᠴᠢᠯᠡᠭᠡᠨ ᠳᠤ ᠴᠢᠰᠤ ᠬᠡᠷᠡᠭᠯᠡᠬᠦ ᠭᠡᠪᠡᠯ ᠵᠦᠪᠭᠡᠨ ᠠᠷᠠᠳ ᠤᠯᠠᠨ ᠤ ᠴᠢᠰᠤ ᠬᠠᠨᠳᠢᠪᠯᠡᠬᠤ ᠳᠤ ᠲᠦᠰᠢᠭᠯᠡᠵᠦ ᠪᠤᠢ᠃ ᠴᠢᠰᠤ ᠶᠡᠭᠦᠯᠡᠬᠦ ᠳᠤ ᠬᠡᠷᠡᠭᠯᠡᠬᠦ ᠴᠢᠰᠤ ᠪᠣᠯ ᠡᠷᠡᠭᠦᠯ ᠮᠠᠨᠳᠤ ᠬᠥᠮᠥᠨ ᠤ ᠪᠡᠶ᠎ᠡ ᠠᠴᠠ ᠴᠤᠭᠯᠠᠭᠤᠯᠵᠤ ᠠᠪᠤᠭᠰᠠᠨ ᠴᠢᠰᠤ ᠪᠣᠯᠣᠨ᠎ᠠ᠃ ᠴᠢᠰᠤ ᠬᠠᠨᠳᠢᠪᠯᠡᠭ᠌ᠴᠢ ᠠᠴᠠ ᠥᠪᠡᠷ ᠤᠨ ᠴᠢᠰᠤ ᠪᠠᠷ ᠢᠶᠠᠨ ᠪᠤᠰᠤᠳ ᠢ ᠬᠠᠪᠰᠤᠷᠴᠤ ᠡᠷᠡᠭᠦᠯᠵᠢᠭᠦᠯᠵᠦ᠂ ᠴᠢᠨᠠᠭᠰᠢᠯᠠᠪᠠᠯ ᠬᠤᠶᠠᠳᠠᠭᠢ ᠠᠮᠢ ᠨᠠᠰᠤ ᠶᠢ ᠣᠯᠭᠤᠵᠤ ᠦᠭᠳᠡᠭ᠂ ᠲᠠᠳᠠ ᠨᠠᠷ ᠤᠨ ᠤᠶᠢᠯᠠ ᠠᠵᠢᠯᠯᠠᠭ᠎ᠠ ᠪᠣᠯ ᠡᠷᠬᠢᠮ ᠳᠡᠭᠡᠳᠦ ᠶᠤᠮ᠃ ᠦᠨ᠎ᠡ ᠲᠥᠯᠥᠪᠦᠷᠢ ᠦᠭᠡᠢ ᠴᠢᠰᠤ ᠬᠠᠨᠳᠢᠪᠯᠡᠬᠤ ᠶᠢ ᠮᠠᠰᠢ ᠤᠯᠠᠨ ᠤᠯᠤᠰ ᠤᠯᠠᠨ ᠵᠢᠯ ᠶᠠᠪᠤᠭᠳᠠᠭᠤᠯᠵᠤ ᠪᠠᠶᠢᠨ᠎ᠠ᠂ ᠮᠠᠨ ᠤ ᠤᠯᠤᠰ 1998 ᠣᠨ ᠤ 10 ᠰᠠᠷ᠎ᠠ ᠶᠢᠨ 1᠎ ᠤ ᠡᠳᠦᠷ ᠠᠴᠠ ︽ᠪᠦᠭᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠴᠢᠰᠤ ᠬᠠᠨᠳᠢᠪᠯᠡᠬᠤ ᠬᠠᠤᠯᠢ︾᠎ ᠶᠢ ᠡᠬᠢᠯᠡᠵᠦ ᠶᠠᠪᠤᠭᠳᠠᠭᠤᠯᠪᠠ᠃ ᠦᠨ᠎ᠡ ᠲᠥᠯᠥᠪᠦᠷᠢ ᠦᠭᠡᠢ ᠴᠢᠰᠤ ᠬᠠᠨᠳᠢᠪᠯᠡᠬᠤ ᠭᠡᠳᠡᠭ ᠪᠣᠯ ᠠᠷᠠᠳ ᠤᠯᠠᠨ ᠴᠢᠰᠤᠨ ᠦᠷᠳᠡᠭᠡ ᠳᠤ ᠰᠠᠶᠢᠨ ᠳᠤᠷ᠎ᠠ ᠠᠴᠠ ᠪᠠᠨ᠂ ᠦᠨ᠎ᠡ ᠲᠥᠯᠥᠪᠦᠷᠢ ᠦᠭᠡᠢ ᠪᠠᠷ ᠴᠢᠰᠤ ᠪᠠᠨ ᠬᠠᠩᠭᠠᠬᠤ ᠤᠶᠢᠯᠠ ᠠᠵᠢᠯᠯᠠᠭ᠎ᠠ ᠶᠢ ᠵᠢᠭᠠᠵᠤ ᠪᠠᠶᠢᠨ᠎ᠠ᠃ ᠪᠦᠬᠦᠯᠢ 18 ᠨᠠᠰᠤᠨ ᠠᠴᠠ ᠪᠦᠬᠦᠯᠢ 55 ᠨᠠᠰᠤᠨ ᠤ ᠬᠤᠭᠤᠷᠤᠨᠳᠤᠭᠢ ᠡᠷᠡᠭᠦᠯ ᠴᠢᠭᠢᠷᠠᠭ ᠠᠷᠠᠳ ᠤᠯᠠᠨ ᠤ ᠰᠠᠶᠢᠨ ᠳᠤᠷ᠎ᠠ ᠠᠴᠠ ᠪᠠᠨ ᠴᠢᠰᠤ ᠬᠠᠨᠳᠢᠪᠯᠡᠬᠤ ᠶᠢ ᠤᠯᠤᠰ ᠠᠴᠠ ᠰᠠᠨᠠᠭᠠᠴᠢᠯᠠᠨ᠎ᠠ᠃ ᠦᠨ᠎ᠡ ᠲᠥᠯᠥᠪᠦᠷᠢ ᠦᠭᠡᠢ ᠴᠢᠰᠤ ᠬᠠᠨᠳᠢᠪᠯᠡᠬᠤ ᠶᠢ ᠬᠡᠷᠡᠭᠵᠢᠭᠦᠯᠦᠭᠰᠡᠨ ᠨᠢ ᠡᠮᠨᠡᠯᠭᠡ ᠶᠢᠨ ᠡᠮᠴᠢᠯᠡᠭᠡᠨ ᠳᠤ ᠬᠡᠷᠡᠭᠯᠡᠬᠦ ᠴᠢᠰᠤᠨ ᠤ ᠬᠡᠷᠡᠭᠴᠡᠭᠡ ᠶᠢ ᠪᠠᠲᠤᠯᠠᠭᠰᠠᠨ ᠢᠶᠠᠷ ᠪᠠᠷᠠᠬᠤ ᠦᠭᠡᠢ ᠠᠮᠤᠷ ᠲᠦᠪᠰᠢᠨ ᠴᠢᠰᠤ ᠶᠡᠭᠦᠯᠡᠬᠦ ᠶᠢ ᠪᠠᠲᠤᠯᠠᠵᠤ᠂ ᠡᠪᠡᠳᠴᠢᠨ ᠵᠠᠰᠠᠵᠤ ᠬᠥᠮᠥᠨ ᠠᠪᠤᠷᠠᠬᠤ ᠵᠣᠷᠢᠯᠭ᠎ᠠ ᠳᠠᠭᠠᠨ ᠭᠦᠷᠪᠠ᠂ ᠲᠠᠷᠠ ᠨᠢ ᠪᠠᠰᠠ ᠨᠢᠭᠡ ᠵᠦᠢᠯ ᠤᠨ ︽ᠪᠢ  ᠬᠥᠮᠥᠨ ᠪᠦᠭᠦᠨ ᠤ ᠲᠥᠯᠥᠭᠡ᠂ ᠬᠥᠮᠥᠨ ᠪᠦᠭᠦᠨ ᠮᠢᠨᠤ ᠲᠥᠯᠥᠭᠡ︾ ᠭᠡᠬᠦ ᠨᠡᠶᠢᠭᠡᠮ ᠤᠨ ᠬᠠᠷᠢᠯᠴᠠᠨ ᠲᠤᠰᠠᠯᠠᠯᠴᠠᠬᠤ ᠠᠵᠢᠯᠯᠠᠭ᠎ᠠ᠂ ᠳᠠᠷᠤᠢ ᠬᠥᠮᠦᠯᠢᠭ ᠦᠵᠡᠯ ᠤᠨ ᠵᠣᠷᠢᠭ ᠰᠠᠨᠠᠭᠠᠨ ᠤ ᠬᠦᠨᠳᠦ ᠴᠢᠬᠤᠯᠠ ᠢᠯᠡᠷᠡᠯ ᠶᠤᠮ᠃ ᠵᠣᠬᠢᠬᠤ ᠬᠡᠮᠵᠢᠶ᠎ᠡ ᠎ ᠪᠠᠷ ᠴᠢᠰᠤ ᠬᠠᠨᠳᠢᠪᠯᠡᠬᠤ ᠨᠢ ᠪᠡᠶ᠎ᠡ ᠶᠢᠨ ᠡᠷᠡᠭᠦᠯ ᠮᠠᠨᠳᠤ ᠶᠢ ᠬᠠᠷᠰᠢᠯᠠᠬᠤ ᠦᠭᠡᠢ᠃          ᠰᠢᠨᠵᠢᠯᠡᠬᠦ ᠤᠬᠠᠭᠠᠨ ᠤ ᠰᠤᠳᠤᠯᠭᠠᠨ ᠲᠣᠳᠣᠷᠬᠠᠶᠢᠯᠠᠭᠰᠠᠨ ᠢᠶᠠᠷ᠂ ᠨᠠᠰᠤᠨ ᠳᠤ ᠭᠦᠷᠦᠭᠰᠡᠳ ᠲᠤ ᠲᠡᠭᠰᠢᠳᠬᠡᠭᠡᠳ 4000 - 5000 ᠮᠢᠯᠢᠯᠢᠲᠷ ᠴᠢᠰᠤ ᠪᠠᠶᠢᠳᠠᠭ ᠪᠥᠭᠡᠳ 80% ᠣᠷᠴᠢᠮ ᠨᠢ ᠴᠢᠰᠤᠨ ᠡᠷᠭᠢᠯᠲᠡ ᠶᠢᠨ ᠰᠢᠰᠲ᠋ᠧᠮ ᠳᠣᠲᠣᠷ᠎ᠠ ᠪᠠᠨ ᠤᠷᠤᠰᠴᠤ᠂ 20% ᠣᠷᠴᠢᠮ ᠨᠢ ᠪᠡᠶ᠎ᠡ ᠶᠢᠨ ᠬᠠᠳᠠᠭᠠᠯᠠᠮᠵᠢ ᠎ ᠶᠢ ᠨᠥᠬᠦᠪᠦᠷᠢᠯᠡᠬᠦ ᠳᠤ ᠬᠡᠷᠡᠭᠯᠡᠨ᠎ᠡ᠃ ᠡᠩ ᠤᠨ ᠪᠠᠶᠢᠳᠠᠯ ᠳᠤ ᠤᠳᠠᠭ᠎ᠠ ᠪᠦᠷᠢ ᠶᠢᠨ ᠴᠢᠰᠤ ᠬᠠᠨᠳᠢᠪᠯᠡᠬᠤ ᠳᠤ ᠰᠣᠷᠣᠭᠤᠯᠵᠤ ᠠᠪᠤᠭᠰᠠᠨ ᠴᠢᠰᠤ ᠨᠢ ᠪᠦᠭᠦ ᠪᠡᠶ᠎ᠡ ᠶᠢᠨ ᠴᠢᠰᠤᠨ ᠤ ᠶᠡᠷᠦᠩᠬᠡᠢ ᠬᠡᠮᠵᠢᠶᠡᠨ ᠤ 1/20᠎ ᠠᠴᠠ ᠪᠠᠭ᠎ᠠ ᠪᠠᠶᠢᠳᠠᠭ᠃ ᠡᠨᠡ ᠨᠢ ᠡᠷᠡᠭᠦᠯ ᠮᠠᠨᠳᠤ ᠶᠢ ᠬᠠᠷᠰᠢᠯᠠᠬᠤ ᠦᠭᠡᠢ ᠪᠠᠷ ᠦᠯᠤ ᠪᠠᠷᠠᠮ ᠪᠠᠰᠠ ᠴᠢᠮᠦᠭᠡᠨ ᠤ ᠴᠢᠰᠤ ᠪᠦᠲᠦᠭᠡᠬᠦ ᠠᠵᠢᠯᠯᠠᠭ᠎ᠠ ︵ᠴᠢᠳᠠᠪᠤᠷᠢ︶᠎ ᠶᠢ ᠢᠳᠡᠪᠬᠢᠵᠢᠭᠦᠯᠳᠡᠭ ᠶᠤᠮ᠃          ᠮᠠᠨ ᠤ ᠤᠯᠤᠰ ᠤᠨ ᠵᠠᠷᠢᠮ ᠭᠠᠵᠠᠷ ᠣᠷᠣᠨ ᠳᠤ᠂ ᠴᠢᠰᠤ ᠬᠠᠨᠳᠢᠪᠯᠡᠭ᠌ᠴᠢ ︵ᠲᠡᠳᠡ ᠨᠠᠷ ᠤᠨ ᠲᠦᠷᠤᠯ ᠰᠠᠳᠤᠨ ᠢ ᠪᠠᠭᠲᠠᠭᠠᠨ᠎ᠠ︶᠎ ᠨᠢ ᠴᠢᠰᠤ ᠬᠡᠷᠡᠭᠰᠡᠬᠦ ᠴᠢᠬᠤᠯᠠᠲᠠᠢ ᠦᠶ᠎ᠡ ᠳᠤ ᠦᠨ᠎ᠡ ᠲᠥᠯᠥᠪᠦᠷᠢ ᠦᠭᠡᠢ ᠪᠤᠶᠤ ᠤᠷᠢᠳ ᠢᠶᠠᠷ ᠴᠢᠰᠤ ᠬᠡᠷᠡᠭᠯᠡᠵᠦ ᠪᠣᠯᠣᠨ᠎ᠠ ᠭᠡᠵᠦ ᠲᠣᠭᠲᠠᠭᠠᠵᠠᠢ᠃ ᠡᠨᠡ ᠪᠣᠯ ᠠᠷᠠᠳ ᠤᠯᠠᠨ ᠤ ᠰᠠᠶᠢᠨ ᠳᠤᠷ᠎ᠠ ᠠᠴᠠ ᠪᠠᠨ ᠴᠢᠰᠤ ᠬᠠᠨᠳᠢᠪᠯᠡᠬᠤ ᠤᠬᠠᠮᠰᠠᠷ ᠮᠥᠨ ᠯᠠ ᠲᠠᠶᠢᠮᠤ ᠴᠢᠩᠭ᠎ᠠ ᠪᠢᠰᠢ ᠪᠠᠶᠢᠳᠠᠯ ᠳᠤ ᠵᠣᠬᠢᠬᠤ ᠵᠣᠷᠢᠭᠵᠢᠭᠤᠯᠬᠤ ᠦᠢᠯᠡᠳᠦᠯ ᠲᠠᠢ᠃          ᠴᠢᠰᠤ ᠶᠡᠭᠦᠯᠡᠬᠦ ᠠᠶᠤᠯ ᠲᠦᠭᠰᠢᠭᠦᠷᠢ ᠶᠢ ᠬᠢᠵᠠᠭᠠᠷᠯᠠᠵᠤ᠂ ᠠᠷᠠᠳ ᠤᠯᠠᠨ ᠤ ᠡᠮᠴᠢᠯᠡᠭᠡᠨ ᠳᠤ ᠠᠶᠤᠯ ᠦᠭᠡᠢ ᠴᠢᠰᠤ ᠬᠡᠷᠡᠭᠯᠡᠬᠦ ᠶᠢ ᠪᠠᠲᠤᠯᠠᠬᠤ ᠶᠢᠨ ᠲᠥᠯᠥᠭᠡ᠂ ᠲᠦᠷᠭᠡᠨ ᠪᠤᠰᠤ ᠡᠮᠨᠡᠬᠦ ᠡᠪᠡᠳᠴᠢᠲᠡᠨ ᠪᠠ ᠴᠠᠭ ᠰᠣᠩᠭᠤᠵᠤ ᠮᠡᠰᠡ ᠵᠠᠰᠠᠯ ᠬᠢᠬᠦ ᠡᠪᠡᠳᠴᠢᠲᠡᠨ ᠳᠤ ᠬᠠᠷᠢᠭᠤᠴᠠᠭᠰᠠᠨ ᠡᠮᠴᠢ ᠨᠠᠷ ᠡᠪᠡᠳᠴᠢᠲᠡᠨ ᠢ ᠲᠠᠶᠢᠴᠢᠯᠠᠨ ᠥᠪᠡᠷ ᠢᠶᠠᠨ ᠴᠢᠰᠤ ᠬᠠᠳᠠᠭᠠᠯᠠᠵᠤ᠂ ᠥᠪᠡᠷ ᠲᠡᠭᠡᠨ ᠴᠢᠰᠤ ᠶᠡᠭᠦᠯᠡᠬᠦ ᠠᠯᠢ ᠡᠰᠡᠬᠦᠯ᠎ᠡ ᠡᠪᠡᠳᠴᠢᠲᠡᠨ ᠤ ᠲᠦᠷᠤᠯ  ᠰᠠᠳᠤᠨ ᠨᠠᠶᠢᠵᠠ ᠨᠥᠬᠦᠳ ᠢ ᠨᠢ ᠲᠠᠶᠢᠴᠢᠯᠠᠵᠤ ᠴᠢᠰᠤ ᠬᠠᠨᠳᠢᠪᠯᠠᠭᠤᠯᠵᠤ ᠪᠣᠯᠣᠨ᠎ᠠ᠃          ᠪᠠᠴᠢᠮ ᠴᠢᠰᠤ ᠬᠡᠷᠡᠭᠯᠡᠬᠦ ᠶᠢ ᠪᠠᠲᠤᠯᠠᠬᠤ ᠶᠢᠨ ᠲᠥᠯᠥᠭᠡ᠂ ᠡᠮᠴᠢᠯᠡᠭᠡᠨ ᠤ ᠪᠠᠶᠢᠭᠤᠯᠤᠮᠵᠢ ᠲᠦᠷ ᠴᠠᠭ ᠴᠢᠰᠤ ᠠᠪᠴᠤ ᠪᠤᠯᠬᠤ ᠪᠤᠯᠪᠠᠴᠤ ᠴᠢᠰᠤ ᠠᠪᠬᠤ᠂ ᠴᠢᠰᠤ ᠬᠡᠷᠡᠭᠯᠡᠬᠦ ᠳᠡᠭᠡᠨ ᠠᠶᠤᠯ ᠦᠭᠡᠢ ᠪᠠᠶᠢᠬᠤ ᠶᠢ ᠪᠠᠲᠤᠯᠠᠬᠤ ᠬᠡᠷᠡᠭᠲᠡᠢ᠃ ᠲᠦᠷ ᠴᠠᠭ ᠴᠢᠰᠤ ᠴᠤᠭᠯᠠᠭᠤᠯᠬᠤ ᠴᠢᠬᠤᠯᠠᠲᠠᠢ ᠪᠠᠶᠢᠪᠠᠯ᠂ ᠡᠷᠬᠡᠪᠰᠢ ᠳᠣᠣᠷᠠᠬᠢ ᠨᠥᠬᠦᠴᠡᠯ ᠢ ᠪᠦᠷᠢᠯᠳᠦᠭᠦᠯᠬᠦ ᠬᠡᠷᠡᠭᠲᠡᠢ᠄ ᠬᠢᠯᠢ ᠬᠢᠵᠠᠭᠠᠷ ᠣᠷᠣᠨ ᠤ ᠡᠮᠴᠢᠯᠡᠭᠡᠨ ᠤ ᠪᠠᠶᠢᠭᠤᠯᠤᠮᠵᠢ ᠪᠣᠯᠣᠨ ᠰᠠᠭᠤᠵᠤ ᠪᠠᠶᠢᠭ᠎ᠠ ᠭᠠᠵᠠᠷ ᠲᠤ ᠴᠢᠰᠤᠨ ᠦᠷᠳᠡᠭᠡ ᠪᠠᠶᠢᠬᠤ ᠦᠭᠡᠢ ︵ᠴᠢᠰᠤᠨ ᠬᠥᠮᠥᠷᠭᠡ ᠶᠢᠨ ᠲᠥᠪ︶; ᠡᠪᠡᠳᠴᠢᠲᠡᠨ ᠠᠮᠢ ᠨᠠᠰᠤᠨ ᠤ ᠠᠶᠤᠯᠲᠠᠢ ᠪᠣᠯᠵᠤ᠂ ᠪᠠᠴᠢᠮ ᠴᠢᠰᠤ ᠶᠡᠭᠦᠯᠡᠬᠦ ᠴᠢᠬᠤᠯᠠᠲᠠᠢ ᠮᠥᠷᠲᠡᠭᠡᠨ ᠪᠠᠰᠠ ᠪᠤᠰᠤᠳ ᠡᠮᠴᠢᠯᠡᠭᠡ ᠶᠢᠨ ᠠᠷᠭ᠎ᠠ ᠪᠠᠷ ᠣᠷᠣᠯᠠᠭᠤᠯᠵᠤ ᠪᠣᠯᠣᠰᠢ ᠦᠭᠡᠢ; ᠰᠤᠯᠪᠢᠴᠠᠭᠤᠯᠤᠨ ᠴᠢᠰᠤ ᠲᠣᠬᠢᠷᠠᠭᠤᠯᠬᠤ ᠵᠢᠴᠢ ᠲᠦᠷᠭᠡᠨ ᠣᠨᠣᠰᠢᠯᠠᠨ ᠲᠣᠳᠣᠯᠠᠬᠤ ᠠᠷᠭ᠎ᠠ ᠪᠠᠷ B ᠦᠷᠪᠢᠰᠦᠯ ᠤᠨ ᠸᠢᠷᠦ᠋ᠰ ᠤᠨ ᠭᠠᠳᠠᠷᠭᠤ ᠶᠢᠨ ᠠᠨ᠋ᠲ᠋ᠢᠭ᠍ᠸᠡ᠂ ᠡᠯᠢᠭᠡᠨ ᠤ C ᠦᠷᠪᠢᠰᠦᠯ ᠤᠨ ᠸᠢᠷᠦ᠋ᠰ ᠳᠠᠭᠠᠭᠠᠭᠴᠢ᠂ ᠠᠶᠢᠽ ᠡᠪᠡᠳᠴᠢᠨ ᠤ ᠸᠢᠷᠦ᠋ᠰ ᠳᠠᠭᠠᠭᠠᠭᠴᠢ ᠶᠢ ᠰᠢᠯᠭᠠᠨ ᠪᠠᠶᠢᠴᠠᠭᠠᠵᠤ ᠲᠡᠶᠢᠯᠭᠦ ᠨᠥᠬᠦᠴᠡᠯ ᠢ ᠪᠦᠷᠢᠯᠳᠦᠭᠦᠯᠦᠭᠰᠡᠨ ᠪᠠᠶᠢᠬᠤ ᠬᠡᠷᠡᠭᠲᠡᠢ᠃          ᠦᠨ᠎ᠡ ᠲᠥᠯᠥᠪᠦᠷᠢ ᠦᠭᠡᠢ ᠪᠠᠷ ᠴᠢᠰᠤ ᠬᠠᠨᠳᠢᠪᠯᠡᠬᠤ ᠪᠣᠯ ᠪᠤᠰᠤᠳ ᠲᠤ ᠲᠤᠰᠠᠲᠠᠢ ᠥᠪᠡᠷᠰᠡᠳ ᠲᠤ ᠠᠰᠢᠭᠲᠠᠢ ᠶᠠᠪᠤᠳᠠᠯ ᠪᠣᠯᠣᠨ᠎ᠠ᠂ ᠨᠥᠬᠦᠴᠡᠯ ᠳᠤ ᠭᠦᠷᠪᠡᠯ ᠪᠢᠳᠠᠨ ᠳᠠᠷᠤᠢ ᠦᠨ᠎ᠡ ᠲᠥᠯᠥᠪᠦᠷᠢ ᠦᠭᠡᠢ ᠴᠢᠰᠤ ᠬᠠᠨᠳᠢᠪᠯᠡᠭ᠌ᠴᠢ ᠶᠢᠨ ᠡᠩᠨᠡᠭᠡᠨ ᠳᠤ ᠢᠳᠡᠪᠬᠢᠲᠡᠢ ᠣᠷᠤᠯᠴᠠᠬᠤ ᠨᠢ ᠵᠦᠢᠲᠡᠢ᠃          ᠮᠡᠳᠡᠯᠭᠡ ᠶᠢᠨ ᠺᠠᠷᠲ᠄          ᠨᠠᠰᠤᠨ ᠳᠤ ᠭᠦᠷᠦᠭᠰᠡᠳ ᠤᠨ ᠴᠢᠰᠤᠨ ᠤ ᠬᠡᠮᠵᠢᠶ᠎ᠡ ᠲᠡᠭᠰᠢᠳᠬᠡᠭᠡᠳ 4000 - 5000 ᠮᠢᠯᠢᠯᠢᠲᠷ          ᠤᠳᠠᠭ᠎ᠠ ᠪᠦᠷᠢ ᠴᠢᠰᠤ ᠬᠠᠨᠳᠢᠪᠯᠡᠬᠤ ᠬᠡᠮᠵᠢᠶ᠎ᠡ ᠨᠢ ᠶᠡᠷᠦ ᠳᠡᠭᠡᠨ 200 ᠮᠢᠯᠢᠯᠢᠲᠷ          ᠤᠳᠠᠭ᠎ᠠ ᠪᠦᠷᠢ ᠶᠢᠨ ᠴᠢᠰᠤ ᠬᠠᠨᠳᠢᠪᠯᠡᠬᠤ ᠳᠤ ᠰᠣᠷᠣᠭᠤᠯᠵᠤ ᠠᠪᠬᠤ ᠴᠢᠰᠤᠨ ᠤ ᠬᠡᠮᠵᠢᠶ᠎ᠡ ᠶᠢ ᠪᠦᠭᠦ ᠪᠡᠶ᠎ᠡ ᠶᠢᠨ ᠴᠢᠰᠤᠨ ᠤ ᠶᠡᠷᠦᠩᠬᠡᠢ ᠬᠡᠮᠵᠢᠶᠡᠨ ᠤ 1/20᠎ ᠠᠴᠠ ᠪᠠᠭ᠎ᠠ ᠪᠠᠶᠢᠯᠭᠠᠨ᠎ᠠ᠃          ︵︽ᠡᠷᠡᠭᠦᠯ ᠮᠠᠨᠳᠤ ᠶᠢᠨ 66 ᠵᠤᠷᠪᠤᠰ︾ ᠨᠣᠮ ᠠᠴᠠ ᠨᠠᠶᠢᠷᠠᠭᠤᠯᠵᠤ ᠠᠪᠤᠪᠠ︶
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ