ᠰᠥᠨᠢ ᠤᠨᠲᠠᠵᠤ ᠡᠳᠦᠷ ᠠᠵᠤ ᠲᠦᠷᠤᠭᠦ ᠨᠢ ᠠᠮᠢᠳᠤᠷᠠᠯ ᠤᠨ ᠵᠢᠮ᠎ᠡ
ᠨᠡᠶᠢᠲᠡᠯᠡᠭᠰᠡᠨ ᠴᠠᠭ᠄
2025/4/11
          ᠨᠣᠶᠢᠷ ᠪᠣᠯ ᠪᠦᠭᠦ ᠬᠦᠴᠦᠨ ᠤ ᠡᠬᠢ ᠪᠤᠯᠠᠭ᠂ ᠡᠪᠡᠳᠴᠢᠯᠡᠭᠰᠡᠨ ᠰᠡᠳᠬᠢᠯ ᠢ ᠠᠨᠠᠭᠠᠬᠤ ᠷᠠᠰᠢᠶᠠᠨ ᠮᠥᠨ᠃ ᠵᠢᠭᠦᠷᠲᠡᠨ ᠰᠢᠪᠠᠭᠤᠳ᠂ ᠮᠠᠯ ᠠᠳᠤᠭᠤᠰᠤ᠂ ᠠᠮᠢᠳᠠᠨ ᠠᠴᠠ ᠡᠬᠢᠯᠡᠭᠡᠳ ᠤᠷᠭᠤᠮᠠᠯ ᠪᠣᠳᠠᠰ ᠴᠥᠮ ᠪᠠᠶᠢᠭᠠᠯᠢ ᠶᠢᠨ ᠵᠢᠮ᠎ᠡ ᠶᠣᠰᠣ ᠪᠠᠷ ᠰᠥᠨᠢ ᠤᠨᠲᠠᠵᠤ᠂ ᠡᠳᠦᠷ ᠠᠮᠢᠳᠤᠷᠠᠯ ᠤᠨ ᠢᠶᠠᠨ ᠵᠠᠮ ᠮᠥᠷ ᠢ ᠬᠥᠭᠡᠭᠡᠳᠡᠭ᠃ ᠬᠥᠮᠥᠨ ᠡᠷᠡᠭᠦᠯ ᠴᠢᠭᠢᠷᠠᠭ ᠡᠩᠬᠡ ᠲᠤᠩᠬ᠎ᠠ ᠠᠮᠢᠳᠤᠷᠠᠬᠤ ᠶᠢᠨ ᠲᠤᠯᠠᠳᠠ ᠰᠥᠨᠢ ᠤᠨᠲᠠᠵᠤ ᠰᠠᠶᠢᠨ ᠠᠮᠠᠷᠠᠭᠠᠳ ᠡᠳᠦᠷ ᠨᠢ ᠠᠵᠢᠯ ᠲᠦᠷᠤᠯ ᠢᠶᠠᠨ ᠠᠮᠵᠢᠭᠤᠯᠳᠠᠭ ᠵᠦᠢ ᠲᠣᠭᠲᠠᠭᠠᠯ ᠲᠠᠢ᠃          ᠮᠠᠯᠴᠢᠳ ᠨᠠᠷᠠ ᠰᠢᠩᠭᠡᠭᠰᠡᠨ ᠬᠤᠶᠢᠨ᠎ᠠ ᠤᠨᠲᠠᠵᠤ ᠠᠯᠢ ᠴᠤ ᠤᠯᠠᠷᠢᠯ ᠳᠤ ᠢᠯᠭᠠᠭ᠎ᠠ ᠦᠭᠡᠢ ᠨᠠᠷᠠ ᠮᠠᠨᠳᠤᠬᠤ ᠠᠴᠠ ᠡᠮᠦᠨ᠎ᠡ ᠪᠣᠰᠴᠤ ᠠᠵᠢᠯ ᠲᠦᠷᠤᠯ ᠳᠡᠭᠡᠨ ᠣᠷᠣᠳᠠᠭ᠃ ᠡᠳᠦᠷ ᠤᠨ ᠤᠷᠳᠤ ᠥᠷᠯᠥᠭᠡᠨ ᠤ ᠰᠡᠷᠢᠭᠦᠨ ᠠᠴᠠ ᠡᠬᠢᠯᠡᠨ ᠮᠠᠯ ᠰᠦᠷᠦᠭ ᠢᠶᠠᠨ ᠰᠠᠶᠢᠨ ᠢᠳᠡᠭᠦᠯᠵᠦ ᠲᠠᠷᠭᠤ ᠬᠦᠴᠦ ᠠᠪᠤᠭᠤᠯᠬᠤ ᠎ ᠶᠢᠨ ᠲᠤᠯᠠᠳᠠ ᠵᠤᠨ ᠤ ᠪᠣᠭᠤᠨᠢᠬᠠᠨ ᠰᠥᠨᠢ ᠳᠤᠩ ᠪᠠᠭ᠎ᠠ ᠤᠨᠲᠠᠳᠠᠭ᠃ ᠣᠷᠴᠢᠨ ᠴᠠᠭ ᠤᠨ ᠬᠤᠳᠠ ᠭᠠᠵᠠᠷ ᠤᠨ ᠬᠥᠮᠥᠰ ᠴᠠᠭ ᠢ ᠪᠠᠷᠢᠮᠲᠠᠯᠠᠨ ᠤᠨᠲᠠᠵᠤ ᠪᠣᠰᠴᠤ ᠠᠵᠢᠯᠯᠠᠳᠠᠭ᠃ ᠬᠥᠮᠥᠰ ᠲᠠᠪᠠᠲᠠᠢ ᠰᠠᠶᠢᠬᠠᠨ ᠤᠨᠲᠠᠵᠤ ᠠᠮᠠᠷᠠᠵᠤ ᠴᠢᠳᠠᠪᠠᠯ ᠴᠤᠭ ᠵᠢᠪᠬᠤᠯᠠᠩ ᠲᠡᠭᠦᠯᠳᠡᠷ ᠤᠶᠤᠨ ᠤᠬᠠᠭᠠᠨ ᠰᠡᠷᠭᠦᠯᠡᠩ᠂ ᠬᠥᠳᠡᠯᠭᠡᠭᠡᠨ ᠲᠦᠷᠭᠡᠨ᠂ ᠠᠵᠢᠯ ᠤᠨ ᠡᠷᠴᠢ ᠬᠦᠴᠦ ᠲᠠᠢ ᠪᠠᠶᠢᠳᠠᠭ᠃ ᠶᠡᠷᠦ ᠨᠢ ᠣᠬᠤᠷ ᠰᠢᠭ᠋ ᠬᠤᠭᠤᠴᠠᠭᠠᠨ ᠳᠤ ᠪᠦᠭᠡ ᠤᠨᠲᠠᠬᠤ ᠨᠢ ᠡᠷᠡᠭᠦᠯ ᠪᠠᠶᠢᠭ᠎ᠠ ᠶᠢᠨ ᠨᠢᠭᠡᠨ ᠰᠢᠨᠵᠢ ᠪᠣᠯᠣᠨ᠎ᠠ᠃          ᠬᠥᠮᠥᠨ ᠤ ᠰᠦᠷ ᠵᠢᠪᠬᠤᠯᠠᠩ᠂ ᠪᠡᠶ᠎ᠡ ᠶᠢᠨ ᠡᠷᠡᠭᠦᠯ ᠮᠠᠨᠳᠤ᠂ ᠮᠢᠬ᠎ᠠ ᠮᠠᠷᠢᠶ᠎ᠠ᠂ ᠤᠬᠠᠭᠠᠨ ᠪᠤᠳᠤᠯ ᠤᠢ ᠰᠠᠨᠠᠮᠵᠢ᠂ ᠬᠦᠴᠦ ᠴᠢᠳᠠᠯ᠂ ᠲᠠᠮᠢᠷ ᠲᠡᠩᠬᠡᠭᠡ ᠴᠥᠮ ᠨᠣᠶᠢᠷ ᠲᠠᠢ ᠬᠤᠯᠪᠤᠭ᠎ᠠ ᠲᠠᠢ᠂ ᠦᠳᠡᠰᠢ 22 ᠴᠠᠭ ᠠᠴᠠ ᠨᠢᠭᠡ ᠶᠡᠭᠡ ᠬᠡᠲᠦᠷᠡᠭᠦᠯᠬᠦ ᠦᠭᠡᠢ ᠲᠣᠭᠲᠠᠮᠠᠯ ᠴᠠᠭ ᠲᠤ ᠤᠳᠠᠵᠤ᠂ ᠥᠷᠯᠥᠭᠡ 6 - 7 ᠴᠠᠭ ᠲᠤ ᠪᠣᠰᠴᠤ ᠪᠠᠶᠢᠪᠠᠯ ᠴᠠᠭ ᠲᠠᠭᠠᠨ ᠤᠨᠲᠠᠵᠤ᠂ ᠴᠠᠭ ᠲᠠᠭᠠᠨ ᠰᠡᠷᠢᠳᠡᠭ ᠪᠣᠯᠵᠤ ᠵᠠᠩᠰᠢᠨ᠎ᠠ᠃ ᠶᠡᠷᠦ ᠨᠢ 6 - 8 ᠴᠠᠭ ᠤᠨ ᠨᠣᠶᠢᠷ ᠪᠣᠯ ᠬᠡᠪ ᠤᠨ ᠪᠠᠶᠢᠬᠤ ᠬᠡᠮᠵᠢᠶ᠎ᠡ᠃          ᠣᠷᠴᠢᠨ ᠴᠠᠭ ᠲᠤ ᠵᠠᠯᠠᠭᠤᠴᠤᠳ ᠪᠠᠭᠠᠷ᠂ ᠴᠡᠩᠭᠡᠬᠦᠨ᠂ ᠲᠣᠭᠯᠠᠭᠠᠮ ᠬᠥᠭᠡᠭᠡᠴᠡᠯᠳᠦᠭᠡᠳ ᠰᠥᠨᠢᠵᠢᠨ ᠨᠠᠭᠠᠳᠴᠤ ᠦᠦᠷ ᠰᠥᠨᠢ ᠪᠠᠷ ᠭᠡᠷ ᠲᠡᠭᠡᠨ ᠢᠷᠡᠵᠤ ᠡᠳᠦᠷᠵᠢᠨ ᠤᠨᠲᠠᠬᠤ᠂ ᠠᠵᠢᠯ ᠲᠠᠢ ᠨᠢᠭᠡ ᠨᠢ ᠨᠣᠶᠢᠷ ᠲᠠᠢ ᠨᠣᠶᠢᠷ ᠦᠭᠡᠢ ᠠᠵᠢᠯ ᠳᠠᠭᠠᠨ ᠶᠠᠪᠤᠬᠤ ᠎ ᠨᠢ ᠤᠯᠠᠨ ᠪᠣᠯᠵᠠᠢ᠃ᠪᠠᠶᠢᠭᠠᠯᠢ ᠶᠢᠨ ᠲᠦᠮᠡᠨ ᠪᠣᠳᠠᠰ᠂ ᠠᠮᠢᠳᠤ ᠠᠮᠢᠳᠠᠨ ᠪᠦᠭᠦᠨ ᠶᠢᠷᠲᠢᠨᠴᠦ ᠶᠢᠨ ᠰᠥᠨᠢ ᠭᠡᠳᠡᠭ ᠨᠠᠷᠠ ᠦᠭᠡᠢ ᠬᠠᠷᠠᠩᠭᠤᠢ ᠦᠶ᠎ᠡ ᠳᠤ ᠨᠣᠶᠢᠷᠰᠤᠳᠠᠭ ᠪᠠᠶᠢᠬᠤ ᠳᠤ ᠬᠥᠮᠥᠨ ᠲᠡᠭᠦᠨ ᠢ ᠰᠥᠷᠴᠦ ᠪᠠᠶᠢᠭᠠᠯᠢ ᠶᠢᠨ ᠵᠢᠮ᠎ᠡ ᠶᠣᠰᠣ ᠲᠠᠢ ᠲᠡᠷᠰᠯᠡᠵᠦ ᠪᠠᠶᠢᠭ᠎ᠠ ᠨᠢ ᠲᠤᠶᠢᠯ ᠤᠨ ᠪᠤᠷᠤᠭᠤ᠂ ᠠᠵᠢᠯ ᠤᠨ ᠠᠴᠢᠶᠠᠯᠠᠯ ᠶᠡᠬᠡᠲᠡᠢ᠂ ᠦᠳᠡᠰᠢ ᠰᠥᠨᠢ ᠣᠷᠣᠢ ᠪᠤᠯᠳᠠᠯ᠎ᠠ ᠰᠠᠭᠤᠵᠤ ᠠᠵᠢᠯᠯᠠᠳᠠᠭ ᠬᠥᠮᠥᠰ ᠦᠳᠡ ᠶᠢᠨ ᠴᠠᠭ ᠢᠶᠠᠷ 1 ᠴᠠᠭ 30 ᠮᠢᠨᠦ᠋ᠲ ᠠᠴᠠ ᠬᠡᠲᠦᠷᠡᠭᠦᠯᠬᠦ ᠦᠭᠡᠢ ᠤᠨᠲᠠᠵᠤ ᠠᠮᠠᠷᠠᠬᠤ ᠶᠢ ᠰᠢᠨᠵᠢᠯᠡᠬᠦ ᠤᠬᠠᠭᠠᠨ ᠵᠥᠪᠰᠢᠶᠡᠷᠡᠳᠡᠭ᠃          ᠠᠮᠤᠷ ᠲᠠᠶᠢᠪᠤᠩ᠂ ᠠᠶᠠᠲᠠᠢ ᠰᠠᠶᠢᠬᠠᠨ ᠬᠠᠨᠲᠠᠯ᠎ᠠ ᠤᠨᠲᠠᠵᠤ ᠠᠮᠠᠷᠠᠨ᠎ᠠ ᠭᠡᠳᠡᠭ ᠪᠣᠯ ᠪᠡᠶ᠎ᠡ ᠮᠠᠬᠠᠪᠤᠳ ᠲᠠᠭᠠᠨ ᠥᠭᠴᠦ ᠪᠤᠢ ᠬᠠᠮᠤᠭ ᠤᠨ ᠴᠢᠬᠤᠯᠠ ᠲᠡᠵᠢᠭᠡᠯ ᠮᠥᠨ᠃ ᠬᠥᠮᠥᠨ ᠬᠡᠪᠲᠡᠵᠦ ᠤᠨᠲᠠᠬᠤ ᠬᠠᠮᠤᠭ ᠤᠨ ᠵᠣᠬᠢᠮᠵᠢᠲᠠᠢ ᠭᠡᠯᠪᠡᠷᠢ ᠪᠣᠯ ︽ᠨᠤᠮᠤ︾ ᠮᠠᠶ᠋ᠢᠭ ᠤᠨ ᠭᠡᠯᠪᠡᠷᠢ ᠭᠡᠳᠡᠭ᠃ ᠡᠨᠡ ᠨᠢ ᠬᠥᠮᠥᠨ ᠤ ᠠᠮᠢ ᠨᠠᠰᠤᠨ ᠤ ᠭᠡᠯᠪᠡᠷᠢ ᠲᠠᠢ ᠲᠣᠬᠢᠷᠠᠳᠠᠭ ᠪᠥᠭᠡᠳ ᠬᠥᠮᠥᠨ ᠤ ᠪᠡᠶ᠎ᠡ ᠶᠢᠨ ᠳᠣᠲᠣᠭᠠᠳᠤ ᠴᠤᠯᠤ ᠡᠷᠬᠡᠲᠡᠨ ᠨᠦᠭᠦᠳ ᠬᠠᠮᠤᠭ ᠤᠨ ᠵᠥᠪ ᠪᠠᠶᠢᠷᠢᠰᠢᠵᠤ᠂ ᠪᠦᠭᠦ ᠪᠡᠶ᠎ᠡ ᠶᠢᠨ ᠪᠤᠯᠴᠢᠩ᠂ ᠦᠶ᠎ᠡ ᠮᠥᠴᠢ ᠨᠦᠭᠦᠳ ᠰᠤᠯᠠᠷᠠᠵᠤ᠂ ᠠᠮᠠᠷᠠᠵᠤ ᠪᠠᠶᠢᠳᠠᠭ ᠲᠤᠯᠠ ᠪᠡᠶ᠎ᠡ ᠶᠢᠨ ᠥᠰᠦᠯᠲᠡ ᠪᠤᠶᠢᠵᠢᠯᠳᠠ᠂ ᠤᠷᠳᠤ ᠤᠳᠠᠭᠠᠨ ᠨᠠᠰᠤᠯᠠᠬᠤ ᠳᠤ ᠨᠠᠩ ᠲᠤᠰᠠᠲᠠᠢ᠃          ᠬᠥᠮᠥᠨ ᠤᠨᠲᠠᠬᠤ ᠳᠠᠭᠠᠨ ᠰᠡᠷᠢᠭᠦᠨ᠂ ᠬᠠᠷᠠᠩᠭᠤᠢ ᠥᠷᠭᠦᠭᠡᠨ ᠳᠤ ᠨᠢᠮᠭᠡᠨ ᠵᠥᠭᠡᠯᠡᠨ ᠬᠤᠪᠴᠠᠰᠤ ᠲᠠᠢ᠂ ᠬᠥᠩᠭᠡᠪᠲᠦᠷ ᠬᠤᠴᠢᠯᠭ᠎ᠠ ᠲᠠᠢ ᠬᠠᠲᠠᠭᠤ ᠲᠡᠭᠰᠢ ᠣᠷᠣ ᠳᠡᠪᠢᠰᠬᠡᠷ ᠳᠡᠭᠡᠷ᠎ᠡ ᠤᠨᠲᠠᠬᠤ ᠨᠢ ᠵᠥᠪ ᠭᠡᠳᠡᠭ᠃          ᠬᠥᠮᠥᠨ ᠤ ᠵᠢᠷᠦᠬᠡ ᠴᠡᠭᠡᠵᠢᠨ ᠤ ᠵᠡᠭᠦᠨ ᠲᠠᠯ᠎ᠠ ᠳᠤ ᠪᠠᠶᠢᠳᠠᠭ ᠲᠤᠯᠠ ᠪᠠᠷᠠᠭᠤᠨ ᠲᠠᠯ᠎ᠠ ᠪᠠᠷ ᠢᠶᠠᠨ ᠬᠡᠪᠲᠡᠵᠦ ᠤᠨᠲᠠᠬᠤ ᠳᠤ ᠵᠢᠷᠦᠬᠡᠨ ᠤ ᠳᠠᠷᠤᠯᠲᠠ ᠴᠢᠯᠦᠭᠡᠲᠡᠢ ᠪᠠᠶᠢᠵᠤ᠂ ᠴᠢᠰᠤᠨ ᠤ ᠡᠷᠭᠢᠯᠲᠡ ᠴᠢᠯᠦᠭᠡᠲᠡᠢ ᠶᠠᠪᠤᠭᠳᠠᠵᠤ᠂ ᠵᠢᠷᠦᠬᠡᠨ ᠤ ᠤᠶᠢᠯᠠ ᠠᠵᠢᠯᠯᠠᠭ᠎ᠠ ᠶᠢ ᠬᠥᠩᠭᠡᠪᠴᠢᠯᠡᠵᠦ ᠦᠭᠳᠡᠭ ᠠᠵᠢ᠂ ᠡᠭᠦᠨ ᠠᠴᠠ ᠭᠠᠳᠠᠨ᠎ᠠ ᠡᠯᠢᠭᠡ ᠬᠡᠪᠡᠯᠢ ᠶᠢᠨ ᠪᠠᠷᠠᠭᠤᠨ ᠲᠠᠯ᠎ᠠ ᠳᠤ ᠪᠠᠶᠢᠷᠢᠰᠢᠳᠠᠭ ᠲᠤᠯᠠ ᠪᠠᠷᠠᠭᠤᠨ ᠲᠠᠯ᠎ᠠ ᠪᠠᠷ ᠢᠶᠠᠨ ᠬᠡᠪᠲᠡᠵᠦ ᠤᠨᠲᠠᠬᠤ ᠦᠶ᠎ᠡ ᠳᠤ ᠦᠯᠡᠮᠵᠢ ᠬᠡᠮᠵᠢᠶᠡᠨ ᠤ ᠴᠢᠰᠤ ᠡᠯᠢᠭᠡᠨ ᠳᠤ ᠣᠴᠢᠵᠤ ᠡᠯᠢᠭᠡᠨ ᠤ ᠤᠶᠢᠯᠠ ᠠᠵᠢᠯᠯᠠᠭ᠎ᠠ ᠶᠢ ᠰᠠᠶᠢᠵᠢᠷᠠᠭᠤᠯᠤᠨ ᠴᠢᠨᠠᠭᠰᠢᠳᠠ ᠬᠤᠳᠣᠭᠤᠳᠤᠨ ᠳᠤ ᠰᠠᠶᠢᠨ ᠨᠥᠯᠥᠭᠡ ᠦᠵᠡᠭᠦᠯᠳᠡᠭ ᠪᠠᠶᠢᠨ᠎ᠠ᠃          ᠬᠥᠮᠥᠨ ᠵᠡᠭᠦᠨ ᠲᠠᠯ᠎ᠠ ᠪᠠᠷ ᠢᠶᠠᠨ ᠬᠡᠪᠲᠡᠵᠦ ᠪᠠᠶᠢᠬᠤ ᠳᠠᠭᠠᠨ ᠬᠠᠮᠠᠷ ᠤᠨ ᠢᠶᠠᠨ ᠪᠠᠷᠠᠭᠤᠨ ᠨᠦᠬᠡ ᠪᠠᠷ ᠭᠤᠣᠯᠯᠠᠨ ᠠᠮᠢᠰᠬᠤᠯᠯᠠᠵᠤ ᠪᠠᠶᠢᠳᠠᠭ᠃ ᠪᠠᠷᠠᠭᠤᠨ ᠲᠠᠯ᠎ᠠ ᠪᠠᠷ ᠢᠶᠠᠨ ᠬᠡᠪᠲᠡᠪᠡᠯ ᠬᠠᠮᠠᠷ ᠤᠨ ᠢᠶᠠᠨ ᠵᠡᠭᠦᠨ ᠨᠦᠬᠡ ᠪᠠᠷ ᠭᠤᠣᠯᠯᠠᠨ ᠠᠮᠢᠰᠬᠤᠬᠤ ᠪᠤᠯᠳᠠᠭ᠃ ᠶᠡᠷᠦ ᠨᠢ ᠬᠠᠮᠠᠷ ᠤᠨ ᠢᠶᠠᠨ ᠬᠤᠶᠠᠷ ᠨᠦᠬᠡ ᠪᠠᠷ ᠡᠭᠡᠯᠵᠢᠯᠡᠨ ᠠᠮᠢᠰᠬᠤᠯᠯᠠᠵᠤ ᠪᠠᠶᠢᠬᠤ ᠨᠢ ᠵᠥᠪ᠂ ᠡᠪᠰᠢᠶᠡᠬᠦ ᠨᠢ ᠴᠢᠰᠤᠨ ᠳᠠᠬᠢ ᠬᠦᠴᠢᠯᠲᠥ᠋ᠷᠥᠭᠴᠢ ᠶᠢᠨ ᠬᠡᠮᠵᠢᠶ᠎ᠡ ᠠᠯᠳᠠᠭᠳᠠᠭᠰᠠᠨ ᠢ ᠪᠡᠶ᠎ᠡ ᠮᠡᠳᠡᠷᠡᠵᠦ ᠪᠠᠶᠢᠭ᠎ᠠ ᠬᠡᠷᠡᠭ ᠪᠥᠭᠡᠳ ᠨᠡᠮᠡᠯᠲᠡ ᠬᠦᠴᠢᠯᠲᠥ᠋ᠷᠥᠭᠴᠢ ᠵᠠᠯᠭᠢᠳᠠᠭ ᠤᠴᠢᠷᠲᠠᠢ᠃          ᠠᠵᠢᠯ ᠶᠡᠬᠡᠲᠡᠢ ᠬᠥᠮᠥᠨ ᠤᠨᠲᠠᠬᠤ ᠵᠠᠪ ᠮᠠᠭᠤᠲᠠᠢ ᠲᠤᠯᠠ ᠬᠥᠮᠥᠰ ᠶᠠᠩᠵᠤ ᠪᠦᠷᠢ ᠎ ᠪᠠᠷ ᠨᠣᠶᠢᠷ ᠠᠪᠴᠤ ᠰᠤᠷᠤᠬᠰᠠᠠ ᠪᠠᠶᠢᠳᠠᠭ᠂ ᠬᠡᠳᠦᠬᠡᠨ ᠮᠢᠨᠦ᠋ᠲ ᠳᠤᠭ ᠬᠢᠬᠦ ᠳᠤ ᠰᠠᠶᠢᠬᠠᠨ ᠤᠨᠲᠠᠭᠰᠠᠨ ᠪᠠᠶᠢᠳᠠᠭ᠂ ᠨᠣᠶᠢᠷ ᠢ ᠤᠨᠲᠠᠵᠤ ᠬᠠᠨᠤᠨ᠎ᠠ ᠭᠡᠵᠦ ᠪᠠᠶᠢᠳᠠᠭ ᠦᠭᠡᠢ᠃ ᠶᠡᠭᠡ ᠨᠣᠶᠢᠷ ᠲᠠᠢ ᠬᠥᠮᠥᠰ ᠠᠳᠤᠭᠤᠨ ᠤ ᠲᠣᠯᠣᠭᠠᠢ ᠶᠢ ᠳ᠋ᠠᠩ ᠢᠶᠠᠷ ᠴᠢᠨᠠᠵᠤ ᠱᠥᠯᠥ ᠶᠢ ᠨᠢ ᠡᠮᠴᠢᠯᠡᠭᠡᠨ ᠤ ᠵᠢᠷᠤᠮ ᠢᠶᠠᠷ ᠤᠤᠭᠤᠪᠠᠯ ᠨᠣᠶᠢᠷ ᠰᠡᠷᠭᠡᠭ ᠪᠤᠯᠳᠠᠭ ᠭᠡᠵᠦ ᠨᠠᠰᠤᠲᠠᠳ ᠶᠠᠷᠢᠳᠠᠭ᠂ ᠤᠴᠢᠷ ᠨᠢ ᠠᠳᠤᠭᠤ ᠳᠤᠩ ᠪᠠᠭ᠎ᠠ ᠤᠨᠲᠠᠵᠤ ᠨᠣᠶᠢᠷ ᠨᠢ ᠬᠠᠨᠳᠠᠭ᠂ ᠤᠨᠲᠠᠵᠤ ᠪᠠᠶᠢᠬᠤ ᠳᠠᠭᠠᠨ ᠮᠠᠰᠢ ᠰᠡᠷᠭᠡᠭ ᠪᠠᠶᠢᠳᠠᠭ ᠠᠮᠢᠳᠠᠨ ᠶᠤᠮ᠃          ᠬᠥᠮᠥᠨ ᠤᠨᠲᠠᠬᠤ ᠳᠠᠭᠠᠨ ᠣᠷᠣ ᠳᠡᠪᠢᠰᠬᠡᠷ ᠭᠦᠨᠵᠢᠯᠠ ᠭᠤᠳᠤᠰ ᠭᠡᠳ ᠮᠠᠰᠢ ᠤᠯᠠᠨ ᠶᠠᠭᠤᠮ᠎ᠠ ᠬᠡᠷᠡᠭᠯᠡᠳᠡᠭ᠃ ᠤᠨᠲᠠᠯᠭ᠎ᠠ ᠶᠢᠨ ᠬᠡᠷᠡᠭᠰᠡᠯ ᠠᠯᠢ ᠪᠤᠯᠬᠤ ᠎ ᠪᠠᠷ ᠬᠥᠩᠭᠡᠨ᠂ ᠠᠭᠠᠷ ᠰᠠᠯᠬᠢ ᠨᠠᠪᠲᠠᠷᠡᠭᠦᠯᠵᠦ᠂ ᠴᠡᠪᠡᠷ ᠰᠠᠶᠢᠬᠠᠨ ᠪᠠᠶᠢᠬᠤ ᠨᠢ ᠵᠥᠪ᠃          ᠭᠡᠳᠤ ᠳᠤᠯᠠᠭᠠᠨ ᠭᠡᠷ ᠲᠤ ᠲᠣᠯᠣᠭᠠᠢ ᠪᠠᠨ ᠪᠢᠲᠡᠭᠦᠦ ᠬᠤᠴᠢᠵᠤ ᠤᠨᠲᠠᠬᠤ ᠨᠢ ᠰᠠᠶᠢᠨ ᠪᠢᠰᠢ᠂ ᠤᠨᠲᠠᠬᠤ ᠳᠠᠭᠠᠨ ᠳᠡᠭᠡᠭᠰᠢ ᠬᠠᠷᠠᠵᠤ ᠬᠡᠪᠲᠡᠬᠦ ᠦᠭᠡᠢ᠂ ᠠᠮᠠ ᠪᠠᠨ ᠠᠩᠭᠠᠶᠢᠬᠤ ᠦᠭᠡᠢ ᠪᠠᠶᠢᠬᠤ ᠶᠢ ᠬᠢᠴᠢᠶᠡᠬᠦ ᠬᠡᠷᠡᠭᠲᠡᠢ᠃          ᠤᠨᠲᠠᠬᠤ ᠠᠴᠠ ᠪᠠᠨ ᠡᠮᠦᠨ᠎ᠡ ᠬᠤᠭᠤᠯᠠ ᠶᠡᠭᠡ ᠢᠳᠡᠬᠦ᠂ ᠠᠶᠢᠳᠠᠰ ᠲᠠᠢ ᠺᠢᠨᠣ᠋ ᠦᠵᠡᠬᠦ ᠶᠢ ᠠᠯᠢ ᠪᠤᠯᠬᠤ ᠪᠠᠷ ᠲᠡᠪᠴᠢᠵᠦ᠂  ᠣᠷᠣᠨ ᠳᠠᠭᠠᠨ ᠣᠷᠣᠭᠰᠠᠨ ᠤ  ᠲᠠᠷᠠᠭ᠎ᠠ ᠠᠯᠢ  ᠪᠣᠯᠬᠤᠷ ᠎ ᠢᠶᠠᠷ  ᠲᠦᠷᠭᠡᠨ  ᠤᠨᠲᠠᠬᠤ ᠎ ᠨᠢ ᠰᠠᠶᠢᠨ᠃          ︵︽ᠰᠠᠶᠢᠬᠠᠨ ᠠᠪᠴᠤ ᠶᠠᠪᠤᠭᠰᠠᠨ ᠡᠭᠡᠯ ᠪᠡᠶ᠎ᠡ  ᠰᠠᠷᠠᠭᠤᠯ ᠣᠷᠴᠢᠯᠠᠩ ᠳᠤ ᠵᠢᠷᠭᠠᠯ ᠲᠠᠢ︾ ᠨᠣᠮ ᠠᠴᠠ ᠨᠠᠶᠢᠷᠠᠭᠤᠯᠤᠨ ᠠᠪᠤᠪᠠ︶
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ