ᠠᠷᠪᠠᠨ ᠨᠢᠭᠡ᠂1636 ᠣᠨ ᠳᠤ ᠮᠠᠨᠵᠤ ᠶᠢᠨ ᠬᠠᠭᠠᠨ ᠪᠡᠶ᠎ᠡ ᠪᠠᠨ ᠮᠣᠩᠭᠤᠯ ᠤᠨ ᠬᠠᠭᠠᠨ ᠢᠶᠠᠷ ᠡᠷᠭᠦᠮᠵᠢᠯᠡᠵᠦ᠂ ᠪᠠᠷᠭᠤ ᠪᠤᠷᠢᠶᠠᠳ ᠵᠤᠨ ᠬᠤᠶᠢᠨ᠎ᠠ | ᠲᠠᠯ᠎ᠠ ᠠᠴᠠ ᠪᠠᠨ ᠣᠷᠤᠰ ᠲᠤ ᠢᠳᠡᠭᠳᠡᠨ᠂ ᠡᠮᠦᠨ᠎ᠡ ᠲᠠᠯ᠎ᠠ ᠠᠴᠠ ᠪᠠᠨ ᠮᠠᠨᠵᠤ ᠳᠤ ᠢᠳᠡᠭᠳᠡᠵᠦ᠂ ᠴᠢᠩ ᠤᠯᠤᠰ ᠤᠨ ᠵᠠᠬᠢᠷᠤᠯ ᠳᠣᠣᠷ᠎ᠠ ᠪᠠᠷᠭᠤᠴᠤᠳ ᠴᠡᠷᠢᠭ ᠤᠨ | ᠠᠯᠪᠠᠨ ᠳᠤ ᠲᠠᠲᠠᠭᠳᠠᠨ᠂ ᠪᠤᠲᠠᠷᠠᠨ ᠲᠠᠷᠬᠠᠵᠤ ᠡᠬᠢᠯᠡᠭᠰᠡᠨ ᠪᠠᠶᠢᠨ᠎ᠠ᠃ | ᠠᠷᠪᠠᠨ ᠬᠤᠶᠠᠷ᠂1689 ᠣᠨ ᠳᠤ ᠪᠠᠳᠮ᠎ᠠ ᠪᠣᠯᠣᠨ ᠰᠣᠨᠤᠮ ᠭᠡᠭᠴᠢ ᠬᠤᠶᠠᠷ ᠬᠥᠮᠥᠨ᠂ ᠭᠠᠯᠳᠠᠨ ᠪᠣᠱᠣᠭᠲᠤ ᠳᠤ ᠴᠣᠬᠢᠭᠳᠠᠨ ᠪᠤᠲᠠᠷᠠᠨ ᠰᠠᠷᠨᠢᠭᠰᠠᠨ | ᠪᠠᠷᠭᠤ ᠲᠦᠮᠡᠨ ᠢᠶᠠᠨ ᠬᠤᠷᠢᠶᠠᠮᠵᠢᠯᠠᠨ ᠴᠤᠭᠯᠠᠭᠤᠯᠪᠠ᠃ | ᠠᠷᠪᠠᠨ ᠭᠤᠷᠪᠠ᠂ ᠡᠩᠬᠡ ᠠᠮᠤᠭᠤᠯᠠᠩ ᠤᠨ ᠭᠤᠴᠢᠨ ᠨᠠᠢᠮᠠᠳᠤᠭᠠᠷ ᠣᠨ ᠤ ᠲᠡᠷᠢᠭᠦᠨ ᠰᠠᠷ᠎ᠠ ᠳᠤ ᠵᠠᠷᠯᠢᠭ ᠢᠶᠠᠷ ᠪᠠᠷᠭᠤ ᠶᠢᠨ ᠭᠤᠷᠪᠠᠨ ᠮᠢᠩᠭᠠᠨ | ᠬᠥᠮᠥᠰ ᠢ ᠴᠠᠬᠠᠷ ᠤᠨ ᠨᠤᠲᠤᠭ ᠲᠤ ᠰᠠᠭᠤᠷᠢᠰᠢᠭᠤᠯᠵᠤ ᠰᠤᠮᠤ ᠬᠤᠪᠢᠶᠠᠪᠠᠢ᠃ | ᠠᠷᠪᠠᠨ ᠳᠥᠷᠪᠡ᠂ ᠨᠠᠶᠢᠷᠠᠯᠲᠦ ᠲᠥᠪ ᠤᠨ6 ᠳ᠋ᠤᠭᠠᠷ ᠣᠨ ᠳᠤ ᠪᠠᠷᠭᠤ ᠶᠢᠨ ᠭᠠᠯᠵᠤᠳ ᠣᠪᠣᠭ ᠶᠢᠨ ᠬᠢᠯᠲᠠᠢ ᠵᠠᠩᠭᠢ᠂ ᠥᠪᠡᠷ ᠤᠨ ᠬᠠᠷᠢᠶᠠᠲᠤ800 | ᠪᠠᠷᠭᠤ ᠵᠣᠨ ᠢ ᠳᠠᠭᠠᠭᠤᠯᠵᠤ ᠨᠤᠲᠤᠭᠯᠠᠨ ᠶᠠᠪᠤᠭᠰᠠᠭᠠᠷ ᠬᠢᠯᠢ ᠳᠠᠪᠠᠭᠰᠠᠨ ᠭᠡᠵᠦ ᠣᠷᠤᠰ ᠪᠠᠷᠢᠪᠴᠢᠯᠠᠨ ᠴᠢᠩ ᠤᠯᠤᠰ ᠲᠤ ᠲᠤᠰᠢᠶᠠᠭᠰᠠᠨ ᠳᠤ ᠴᠢᠩ ᠤᠨ ᠵᠠᠰᠠᠭ︽ | ᠬᠢᠯᠢ ᠳᠠᠪᠠᠭᠰᠠᠨ ᠶᠠᠯ᠎ᠠ︾ ᠪᠠᠷ ᠬᠢᠯᠲᠠᠢ ᠵᠠᠩᠭᠢ ᠶᠢ ᠣᠳᠣ ᠶᠢᠨ ᠮᠣᠩᠭᠤᠯ ᠤᠯᠤᠰ ᠤᠨ ᠳᠣᠷᠣᠨᠠᠲᠤ ᠠᠶᠢᠮᠠᠭ ᠤᠨ ᠴᠢᠯᠠᠭᠤᠨ ᠬᠤᠷᠤᠭᠠᠲᠤ ᠰᠤᠮᠤ ᠶᠢᠨ ᠨᠤᠲᠤᠭ ᠲᠤ᠂ | ᠮᠣᠩᠭᠤᠯ ᠤᠨ ᠲᠠᠯ᠎ᠠ ᠶᠢᠨ ᠬᠢᠯᠢ ᠳᠡᠭᠡᠷ᠎ᠡ ᠪᠠᠶᠠᠨ ᠬᠠᠨ ᠭᠡᠳᠡᠭ ᠲᠠᠬᠢᠯᠭ᠎ᠠ ᠲᠠᠢ ᠪᠠᠰᠠᠷᠠᠩ ᠠᠭᠤᠯᠠ ᠶᠢᠨ ᠠᠷᠤ ᠪᠠᠯ᠂ ᠣᠷᠤᠰ ᠤᠨ ᠬᠢᠯᠢ ᠶᠢᠨ ᠡᠮᠦᠨ᠎ᠡ ᠲᠠᠯ᠎ᠠ ᠪᠣᠯᠬᠤ | ᠪᠠᠷᠠᠭᠤᠨ ᠲᠠᠷᠢ ᠨᠠᠭᠤᠷ ᠤᠨ ᠤᠷᠲᠤ ᠡᠩᠭᠡᠷ ᠲᠤ ᠴᠠᠭᠠᠵᠠᠯᠠᠭᠠᠳ ᠡᠮᠦᠨ᠎ᠡ ᠨᠢ ᠪᠣᠰᠬᠠᠭᠠᠳ ᠪᠠᠶᠢᠭᠰᠠᠨ ᠬᠢᠯᠢ ᠶᠢᠨ ᠣᠪᠣᠭᠠᠨ ᠤ ᠭᠤᠣᠯ ᠣᠷᠣᠢ ᠳᠤ ᠬᠠᠳᠬᠤᠭᠰᠠᠨ | ᠮᠣᠳᠣᠨ ᠳᠤ︵ᠭᠠᠨᠵᠢᠷ᠎ᠠ ᠳᠤ︶ ᠲᠣᠯᠣᠭᠠᠢ ᠶᠢ ᠨᠢ ᠭᠡᠵᠢᠭᠡ ᠠᠴᠠ ᠨᠢ ᠤᠶᠠᠵᠤ ᠣᠷᠬᠢᠭᠰᠠᠨ ᠪᠠᠶᠢᠨ᠎ᠠ᠃ ᠮᠣᠩᠭᠤᠯ ᠤᠨ ᠬᠢᠯᠢ ᠶᠢᠨ51 ᠳ᠋ᠦ᠋ᠭᠡᠷ ᠣᠪᠣᠭ᠎ᠠ᠂ | ᠬᠢᠯᠢ ᠶᠢᠨ1263 ᠳ᠋ᠤᠭᠠᠷ ᠪᠠᠭᠠᠨ᠎ᠠ ᠨᠢ ᠡᠳᠦᠭᠡ ᠬᠦᠷᠲᠡᠯ᠎ᠡ ︽ᠭᠡᠵᠢᠭᠡᠲᠦ ᠶᠢᠨ ᠣᠪᠣᠭ᠎ᠠ︾ ᠬᠡᠮᠡᠨ ᠨᠡᠷᠡᠯᠡᠭᠳᠡᠭᠰᠡᠭᠡᠷ ᠪᠠᠶᠢᠨ᠎ᠠ᠃ | ᠠᠷᠪᠠᠨ ᠲᠠᠪᠤ᠂1732 ᠣᠨ ᠳᠤ ᠮᠠᠨᠵᠤ ᠴᠢᠩ ᠤᠨ ᠵᠠᠰᠠᠭ ᠤᠨ ᠭᠠᠵᠠᠷ᠂ ᠪᠤᠳᠬ᠎ᠠ ᠶᠢᠨ ᠭᠠᠵᠠᠷ ᠠᠴᠠ1636 ᠰᠣᠯᠣᠨ ᠴᠡᠷᠢᠭ᠂730 ᠳᠠᠭᠤᠷ ᠴᠡᠷᠢᠭ᠂ | 359 ᠣᠷᠴᠣᠨ ᠴᠡᠷᠢᠭ᠂275 ᠪᠠᠷᠭᠤ ᠴᠡᠷᠢᠭ᠂ ᠪᠦᠭᠦᠳᠡ3000 ᠴᠡᠷᠢᠭ ᠢ ᠭᠡᠷ ᠪᠦᠯᠢ ᠶᠢᠨ ᠬᠠᠮᠲᠤ ᠬᠥᠯᠥᠨ ᠪᠤᠶᠢᠷ ᠲᠤ ᠨᠡᠭᠦᠯᠭᠡᠨ ᠢᠷᠡᠭᠦᠯᠵᠦ᠂ ᠰᠣᠯᠣᠨ ᠨᠠᠢᠮᠠᠨ | ᠬᠤᠰᠢᠭᠤ᠂ ᠬᠤᠶᠠᠷ ᠭᠠᠷ᠂ ᠲᠠᠪᠢᠨ ᠰᠤᠮᠤ ᠪᠣᠯᠭᠠᠨ ᠵᠣᠬᠢᠶᠠᠨ ᠪᠠᠶᠢᠭᠤᠯᠪᠠ᠃ | ᠠᠷᠪᠠᠨ ᠵᠢᠷᠭᠤᠭ᠎ᠠ᠂ ᠨᠠᠶᠢᠷᠠᠯᠲᠤ ᠲᠥᠪ ᠤᠨ ᠠᠷᠪᠠᠳᠤᠭᠠᠷ ᠣᠨ︵1733 ᠣᠨ︶ ᠳᠤ800 ᠪᠠᠷᠭᠤ ᠵᠣᠨ ᠨᠣᠪᠰ ᠠᠭᠤᠯᠠ᠂ ᠦᠳᠢ ᠭᠤᠣᠯ ᠠᠴᠠ | ᠨᠡᠭᠦᠵᠦ᠂ ᠴᠢᠩ ᠤᠯᠤᠰ ᠲᠤ ᠳᠠᠭᠠᠵᠤ ᠢᠷᠡᠭᠰᠡᠨ ᠳᠤ ᠬᠦᠯᠢᠶᠡᠨ ᠠᠪᠤᠭᠰᠠᠨ ᠦᠭᠡᠢ ᠪᠤᠴᠠᠭᠠᠭᠰᠠᠨ ᠳᠤ ᠣᠷᠤᠰ ᠤᠳ ᠲᠡᠳᠡᠨ ᠢ ᠪᠦᠬᠦᠨ ᠢ ᠬᠢᠳᠤᠵᠤ ᠬᠦᠢᠰᠦ | ᠲᠡᠮᠲᠡᠷᠢᠭᠰᠡᠨ ᠪᠠᠶᠢᠨ᠎ᠠ᠃ | ᠠᠷᠪᠠᠨ ᠳᠣᠯᠤᠭ᠎ᠠ᠂1734 ᠣᠨ ᠳᠤ ᠬᠠᠯᠬ᠎ᠠ ᠶᠢᠨ ᠰᠡᠴᠡᠨ ᠬᠠᠨ ᠠᠶᠢᠮᠠᠭ ᠠᠴᠠ2400 ᠪᠠᠷᠭᠤ ᠴᠡᠷᠢᠭ ᠢ ᠭᠡᠷ ᠪᠦᠯᠢ ᠶᠢᠨ ᠬᠠᠮᠲᠤ ᠬᠥᠯᠥᠨ | ᠪᠤᠶᠢᠷ ᠲᠤ ᠨᠡᠭᠦᠯᠭᠡᠨ ᠢᠷᠡᠭᠦᠯᠵᠦ ᠰᠢᠨ᠎ᠡ ᠪᠠᠷᠭᠤ ᠨᠠᠢᠮᠠᠨ ᠬᠤᠰᠢᠭᠤ᠂ ᠬᠤᠶᠠᠷ ᠭᠠᠷ᠂ ᠳᠥᠴᠢᠨ ᠰᠤᠮᠤ ᠪᠣᠯᠭᠠᠨ ᠵᠣᠬᠢᠶᠠᠨ ᠪᠠᠶᠢᠭᠤᠯᠵᠠᠢ᠃ | ᠠᠷᠪᠠᠨ ᠨᠠᠢᠮᠠ᠂1740 ᠣᠨ ᠳᠤ ᠰᠢᠨ᠎ᠡ ᠪᠠᠷᠭᠤ ᠪᠠᠷᠠᠭᠤᠨ ᠭᠠᠷ ᠤᠨ ᠨᠤᠲᠤᠭ ᠤᠨ ᠭᠤᠣᠯ ᠳᠤ ᠰᠦᠨᠳᠡᠷᠯᠡᠭᠰᠡᠨ︽ᠬᠦᠢᠲᠡᠨ ᠬᠠᠷᠠᠭᠠᠲᠤ︾ ᠬᠡᠮᠡᠨ | ᠨᠡᠷᠡᠶᠢᠳᠴᠦ ᠪᠠᠶᠢᠭᠰᠠᠨ ᠮᠡᠨᠡᠩ ᠤᠨ ᠪᠣᠭᠳᠠ ᠠᠭᠤᠯᠠ ᠶᠢ︽ᠳᠤᠯᠠᠭᠠᠨ ᠬᠠᠷᠠᠭᠠᠲᠤ︾ ᠬᠡᠮᠡᠨ ᠨᠡᠷ᠎ᠡ ᠶᠢ ᠨᠢ ᠥᠭᠡᠷᠡᠴᠢᠯᠡᠭᠡᠳ ᠭᠤᠣᠯ ᠣᠪᠣᠭ᠎ᠠ ᠪᠣᠰᠬᠠᠨ | ᠬᠤᠰᠢᠭᠤ ᠪᠠᠷ ᠢᠶᠠᠨ ᠳᠠᠬᠢᠵᠤ᠂ ᠭᠠᠳᠠᠨ᠎ᠠ ᠪᠠᠰᠠ12 ᠰᠤᠮᠤ ᠪᠦᠷᠢ ᠨᠢᠵᠡᠭᠡᠳ ᠣᠪᠣᠭ᠎ᠠ ᠪᠣᠰᠬᠠᠨ ᠲᠠᠬᠢᠵᠠᠢ᠃ | ᠠᠷᠪᠠᠨ ᠶᠢᠰᠦ᠂ ᠪᠠᠷᠭᠤᠴᠤᠳ ᠨᠠᠶᠢᠮᠠᠷ ᠤᠨ ᠳᠡᠭᠡᠷᠡᠮ ᠠᠴᠠ ᠳᠦᠷᠪᠡᠵᠦ ᠶᠠᠪᠤᠭᠰᠠᠨ ᠠᠷᠪᠠᠨ ᠵᠢᠯ ᠳᠤ1762 ᠣᠨ ᠤ ᠬᠠᠷ᠎ᠠ ᠮᠣᠷᠢᠨ ᠵᠢᠯ ᠤᠨ ᠵᠤᠨ | ᠨᠠᠭᠠᠲᠠᠢ ᠶᠢᠨ ᠨᠠᠷᠠᠰᠤᠨ ᠠᠴᠠ ᠮᠡᠨᠡᠩ ᠤᠨ ᠪᠣᠭᠳᠠ ᠠᠭᠤᠯᠠ ᠪᠠᠨ ᠲᠠᠬᠢᠵᠤ ᠪᠠᠶᠢᠭᠰᠠᠨ ᠪᠢᠯᠡ᠃ | ᠬᠤᠷᠢ᠂ ᠰᠢᠨ᠎ᠡ ᠪᠠᠷᠭᠤᠴᠤᠳ ᠬᠥᠯᠥᠨ ᠪᠤᠶᠢᠷ ᠲᠤ ᠨᠤᠲᠤᠭᠰᠢᠨ ᠰᠠᠭᠤᠷᠢᠰᠢᠭᠰᠠᠨ ᠤ ᠳᠠᠷᠠᠭ᠎ᠠ᠂ ᠠᠭᠠᠵᠢᠮ ᠢᠶᠠᠷ ᠰᠦᠮ᠎ᠡ ᠬᠡᠶᠢᠳ ᠪᠠᠷᠢᠨ᠂ ᠯᠠᠮᠠ | ᠬᠤᠸᠠᠷᠠᠭ ᠣᠯᠠᠰᠢᠷᠠᠵᠤ᠂ ᠲᠡᠭᠷᠢ ᠶᠢᠨ ᠲᠡᠳᠬᠦᠭᠰᠡᠨ ᠤ ᠳᠥᠴᠢᠨ ᠶᠢᠰᠦᠳᠦᠭᠡᠷ︵1784︶ ᠣᠨ ᠳᠤ ᠰᠢᠨ᠎ᠡ ᠪᠠᠷᠭᠤ ᠵᠡᠭᠦᠨ ᠭᠠᠷ ᠤᠨ ᠬᠤᠰᠢᠭᠤᠨ ᠤ ᠪᠤᠶᠠᠨᠲᠤ | ᠪᠦᠷᠢᠳᠦ ᠬᠡᠮᠡᠬᠦ ᠭᠠᠵᠠᠷ ᠲᠤ ᠰᠢᠨ᠎ᠡ ᠪᠠᠷᠭᠤ ᠨᠠᠢᠮᠠᠨ ᠬᠤᠰᠢᠭᠤᠨ ᠤ ᠲᠠᠬᠢᠯᠭᠠᠲᠤ ᠭᠠᠨᠵᠤᠤᠷ ᠰᠦᠮ᠎ᠡ︵ᠥᠯᠵᠡᠢ ᠡᠩᠬᠡᠵᠢᠭᠦᠯᠦᠭᠴᠢ ᠰᠦᠮ᠎ᠡ︶ ᠶᠢ ᠪᠠᠶᠢᠭᠤᠯᠪᠠ᠃ |