ᠪᠠᠷᠭᠤ ᠶᠢᠨ ᠲᠡᠦᠬᠡᠲᠦ ᠬᠡᠷᠡᠭ ᠶᠠᠪᠤᠳᠠᠯ ︵ᠭᠤᠷᠪᠠ︶
ᠨᠡᠶᠢᠲᠡᠯᠡᠭᠰᠡᠨ ᠴᠠᠭ᠄
2025/4/15
          ᠬᠤᠷᠢᠨ ᠨᠢᠭᠡ᠂ ᠲᠡᠭᠷᠢ ᠶᠢᠨ ᠲᠡᠳᠬᠦᠭᠰᠡᠨ ᠤ ᠲᠠᠪᠢᠨ ᠲᠠᠪᠤᠳᠤᠭᠠᠷ ᠣᠨ ᠳᠤ ᠮᠠᠨᠵᠤ ᠶᠢᠨ ᠬᠠᠭᠠᠨ ᠰᠣᠶᠣᠯᠵᠢ ᠠᠭᠤᠯᠠᠨ᠎ᠠ ᠪᠡᠶ᠎ᠡ ᠪᠠᠷ ᠢᠷᠡᠬᠦ ᠳᠡᠭᠡᠨ ᠲᠡᠭᠦᠨ ᠤ ᠤᠭ ᠤᠨ ᠪᠠᠶᠢᠭᠰᠠᠨ ᠮᠣᠩᠭᠤᠯ ᠵᠠᠰᠠᠭ ᠪᠠ ᠰᠣᠯᠣᠨ ᠨᠠᠷ ᠲᠤ ᠲᠡᠷᠡ ᠨᠤᠲᠤᠭ ᠢ ᠪᠡᠯᠴᠢᠭᠡᠷ ᠪᠣᠯᠭᠠᠬᠤ ᠪᠠᠷ ᠪᠤᠴᠠᠭᠠᠨ ᠱᠠᠩᠨᠠᠵᠤ ᠥᠭᠪᠡᠢ᠃          ᠰᠣᠶᠣᠯᠵᠢ ᠠᠭᠤᠯᠠ ᠶᠢᠨ ᠡᠨᠡᠲᠡᠭᠡ ᠲᠠᠯ᠎ᠠ ᠶᠢᠨ ᠠᠩᠬ᠎ᠠ ᠴᠢᠯᠠᠭᠤᠨ ᠬᠠᠷᠠᠭᠤᠯ ᠠᠴᠠ ᠬᠠᠯᠠᠭᠤᠨ ᠤᠰᠤᠨ ᠤ ᠠᠮᠠ ᠬᠦᠷᠲᠡᠯᠡᠬᠢ ᠳᠣᠯᠤᠭᠠᠨ ᠬᠠᠷᠠᠭᠤᠯ ᠤᠨ ᠭᠠᠵᠠᠷ᠂ ᠴᠠᠭᠠᠲᠤ ᠲᠠᠯ᠎ᠠ ᠶᠢᠨ ᠲᠤᠭᠤᠷ ᠭᠤᠣᠯ ᠤᠨ ᠡᠬᠢ︵ᠴᠠᠭᠠᠨ ᠵᠢᠯᠠᠭ᠎ᠠ︶ ᠪᠠ ᠭᠠᠭ᠋ᠠᠢ ᠭᠤᠣᠯ ᠤᠨ ᠠᠮᠠ ᠶᠢᠨ ᠬᠤᠭᠤᠷᠤᠨᠳᠤᠬᠢ ᠭᠠᠵᠠᠷ ᠠᠴᠠ ᠬᠤᠶᠢᠰᠢ᠂ ᠪᠣᠳᠠᠲᠠᠢ ᠪᠠᠷ ᠬᠡᠯᠡᠪᠡᠯ ᠬᠠᠯᠠᠭᠤᠨ ᠭᠤᠣᠯ᠂ ᠴᠠᠭᠠᠨ ᠬᠥᠲᠥᠯ᠂ ᠨᠥᠮᠥᠷᠭᠡ ᠶᠢᠨ ᠭᠤᠣᠯ ᠤᠨ ᠬᠤᠷᠴᠢᠨ ᠣᠯᠣᠮ᠂ ᠰᠣᠶᠣᠯᠵᠢ ᠠᠭᠤᠯᠠ ᠶᠢᠨ ᠬᠤᠷᠮᠣᠢ ᠬᠦᠷᠲᠡᠯᠡᠬᠢ ᠭᠠᠵᠠᠷ ᠬᠢᠭᠡᠳ ᠵᠡᠭᠦᠨ ᠡᠲᠡᠭᠡᠳ ᠤᠨ ᠭᠠᠵᠠᠷ ᠤᠳ ᠢ ᠴᠥᠮ ᠬᠠᠷᠠᠮᠥ᠋ᠷᠡᠨ ᠤ ᠬᠠᠷᠢᠶᠠᠲᠤ ᠭᠠᠵᠠᠷ ᠪᠣᠯᠭᠠᠨ ᠱᠠᠩᠨᠠᠨ ᠥᠭᠴᠡᠢ᠃ ᠡᠨᠡ ᠬᠦ ᠬᠤᠪᠢᠶᠠᠷᠢᠲᠤ ᠭᠠᠵᠠᠷ ᠠᠴᠠ ᠬᠥᠯᠥᠨ ᠪᠤᠶᠢᠷ ᠤᠨ ᠰᠢᠨ᠎ᠡ ᠪᠠᠷᠭᠤ ᠵᠡᠭᠦᠨ ᠭᠠᠷ ᠤᠨ ᠰᠢᠯᠤᠭᠤᠨ ᠬᠥᠬᠡ ᠬᠤᠰᠢᠭᠤᠨ ᠤ ᠭᠤᠲᠠᠭᠠᠷ ᠰᠤᠮᠤ ᠶᠢᠨ ᠮᠠᠯᠴᠢᠳ ᠰᠣᠶᠣᠯᠵᠢ ᠶᠢᠨ ᠪᠣᠭᠳᠠ ᠠᠭᠤᠯᠠ ᠶᠢ ᠲᠠᠬᠢᠳᠠᠭ ᠪᠣᠯᠪᠠ᠃          ᠬᠤᠷᠢᠨ ᠬᠤᠶᠠᠷ᠂1850 ᠣᠨ ᠠᠴᠠ ᠡᠬᠢᠯᠡᠨ ᠵᠢᠯ ᠪᠦᠷᠢ ᠶᠢᠨ ᠪᠢᠯᠢᠭ ᠤᠨ ᠤᠯᠠᠷᠢᠯ ᠤᠨ ᠳᠣᠯᠤᠭᠠᠨ ᠰᠠᠷ᠎ᠠ ᠶᠢᠨ ᠰᠢᠨ᠎ᠡ ᠶᠢᠨ ᠭᠤᠷᠪᠠᠨ ᠤ ᠡᠳᠦᠷ ᠰᠢᠨ᠎ᠡ ᠪᠠᠷᠭᠤ ᠵᠡᠭᠦᠨ ᠭᠠᠷ ᠪᠣᠯᠣᠨ ᠰᠢᠨ᠎ᠡ ᠪᠠᠷᠭᠤ ᠪᠠᠷᠠᠭᠤᠨ ᠭᠠᠷ ᠬᠠᠮᠲᠤᠷᠠᠨ ᠮᠡᠨᠡᠩ ᠤᠨ ᠪᠣᠭᠳᠠ ᠠᠭᠤᠯᠠ ᠶᠢ ᠲᠠᠬᠢᠬᠤ ᠪᠣᠯᠵᠤ᠂ ᠡᠨᠡ ᠬᠦ ᠲᠠᠬᠢᠯᠭ᠎ᠠ ᠶᠢ︽ᠪᠣᠭᠳᠠ ᠠᠭᠤᠯᠠ ᠶᠢᠨ ᠡᠪ ᠤᠨ ᠨᠠᠶᠢᠷ︾ ᠭᠡᠳᠡᠭ ᠪᠣᠯᠪᠠ᠃          ᠬᠤᠷᠢᠨ ᠭᠤᠷᠪᠠ᠂1898︱1903 ᠣᠨ ᠳᠤ ᠮᠠᠨᠵᠤᠤᠷ ᠠᠴᠠ ᠬᠠᠷᠪᠢᠨ ᠬᠦᠷᠬᠦ ᠳᠤᠮᠳᠠᠲᠤ ᠳᠣᠷᠣᠨᠠᠲᠤ ᠶᠢᠨ ᠲᠡᠮᠦᠷ ᠵᠠᠮ ᠢ ᠳᠡᠪᠢᠰᠴᠦ ᠠᠰᠢᠭᠯᠠᠯᠲᠠ ᠳᠤ ᠣᠷᠣᠭᠤᠯᠪᠠ᠃          ᠬᠤᠷᠢᠨ ᠳᠥᠷᠪᠡ᠂1900 ᠣᠨ ᠳᠤ ᠮᠠᠶᠢᠳᠠᠨ ᠬᠡᠮᠡᠬᠦ ᠭᠠᠵᠠᠷ ᠬᠥᠯᠥᠨ ᠪᠤᠶᠢᠷ ᠤᠨ ᠮᠣᠷᠢᠲᠤ ᠴᠡᠷᠢᠭ ᠣᠷᠤᠰ ᠴᠡᠷᠢᠭ ᠲᠠᠢ ᠲᠤᠯᠤᠯᠳᠤᠪᠠ᠃          ᠬᠤᠷᠢᠨ ᠲᠠᠪᠤ᠂1917 ᠣᠨ ᠤ ᠬᠠᠪᠤᠷ ᠰᠧᠪᠵᠢᠩᠭᠡ ᠶᠢᠨ ᠳᠡᠭᠡᠷᠡᠮ᠂ ᠬᠥᠯᠥᠨ ᠪᠤᠶᠢᠷ ᠲᠤ ᠣᠷᠣᠵᠤ ᠢᠷᠡᠭᠡᠳ ᠬᠥᠪᠡᠭᠡᠲᠦ ᠰᠢᠷ᠎ᠠ ᠬᠤᠰᠢᠭᠤᠨ ᠤ ᠳᠣᠪᠳᠣᠨᠪᠠᠯᠵᠤᠤᠷ ᠭᠠᠯᠢᠳᠠ ᠶᠢ ᠠᠯᠠᠵᠤ᠂ ᠮᠠᠯ ᠬᠥᠷᠥᠩᠭᠡ ᠶᠢ ᠨᠢ ᠳᠡᠭᠡᠷᠡᠮᠳᠡᠭᠰᠡᠨ ᠠᠴᠠ ᠪᠣᠯᠵᠤ᠂912 ᠡᠷᠦᠬᠡ ᠶᠢᠨ4000 ᠬᠥᠮᠥᠨ ᠮᠠᠯ ᠰᠦᠷᠦᠭ᠂ ᠡᠳ᠋ ᠬᠥᠷᠥᠩᠭᠡ ᠪᠠᠨ ᠠᠪᠤᠭᠠᠳ ᠮᠣᠩᠭᠤᠯ ᠤᠯᠤᠰ ᠤᠨ ᠨᠤᠲᠤᠭ ᠲᠤ ᠳᠦᠷᠪᠡᠵᠦ ᠨᠡᠭᠦᠨ ᠣᠷᠣᠪᠠ᠃ ᠡᠨᠡ ᠬᠦ ᠳᠦᠷᠪᠡᠯᠭᠡ ᠶᠢ︽ᠮᠣᠭᠠᠢ ᠵᠢᠯ ᠤᠨ ᠳᠦᠷᠪᠡᠯᠭᠡ︾ ᠭᠡᠳᠡᠭ᠃          ᠬᠤᠷᠢᠨ ᠵᠢᠷᠭᠤᠭ᠎ᠠ᠂1919 ᠣᠨ ᠳᠤ ᠰᠣᠯᠣᠨ ᠨᠠᠢᠮᠠᠨ ᠬᠤᠰᠢᠭᠤᠨ ᠤ ᠵᠡᠭᠦᠨ ᠭᠠᠷ ᠤᠨ ᠬᠥᠪᠡᠭᠡᠲᠦ ᠴᠠᠭᠠᠨ ᠤ ᠳᠡᠳ᠋᠂ ᠭᠤᠲᠠᠭᠠᠷ ᠰᠤᠮᠤ ᠪᠣᠯᠣᠨ ᠰᠢᠯᠤᠭᠤᠨ ᠬᠥᠬᠡ ᠶᠢᠨ ᠲᠡᠷᠢᠭᠦᠨ᠂ ᠳᠡᠳ᠋᠂ ᠭᠤᠲᠠᠭᠠᠷ ᠰᠤᠮᠤ ᠶᠢᠨ ᠪᠠᠷᠭᠤᠴᠤᠳ ᠢ ᠰᠣᠯᠣᠨ ᠨᠠᠢᠮᠠᠨ ᠬᠤᠰᠢᠭᠤᠨ ᠠᠴᠠ ᠰᠠᠯᠭᠠᠵᠤ ᠬᠠᠭᠤᠴᠢᠨ ᠪᠠᠷᠭᠤ ᠬᠤᠰᠢᠭᠤ ᠶᠢ ᠪᠠᠶᠢᠭᠤᠯᠪᠠ᠃          ᠬᠤᠷᠢᠨ ᠳᠣᠯᠤᠭ᠎ᠠ᠂1921 ᠣᠨ ᠳᠤ ᠰᠢᠨ᠎ᠡ ᠪᠠᠷᠭᠤ ᠪᠠᠷᠠᠭᠤᠨ ᠭᠠᠷ ᠤᠨ ᠤᠭᠤᠷᠳᠠ ᠴᠢᠪᠰᠢᠩᠭᠡ ᠬᠥᠮᠥᠨ ᠲᠣᠮᠢᠯᠠᠨ ᠶᠠᠪᠤᠭᠤᠯᠵᠤ᠂ ᠮᠣᠩᠭᠤᠯ ᠤᠯᠤᠰ ᠤᠨ ᠲᠣᠯᠤᠰᠤᠨ ᠤ ᠬᠤᠰᠢᠭᠤᠨ ᠠᠴᠠ ᠬᠠᠮᠤᠭ ᠤᠨ ᠴᠢᠨᠡᠭᠡᠯᠢᠭ97 ᠡᠷᠦᠬᠡ ᠠᠶᠢᠯ ᠢ ᠠᠯᠪᠠᠳᠠᠨ ᠨᠡᠭᠦᠯᠭᠡᠵᠦ ᠠᠪᠴᠢᠷᠠᠪᠠ᠃          ᠬᠤᠷᠢᠨ ᠨᠠᠢᠮᠠ᠂1923 ᠣᠨ ᠳᠤ ᠬᠠᠶᠢᠯᠠᠷ ᠲᠠᠬᠢ ᠨᠢᠭᠡᠳᠦᠭᠡᠷ ᠳᠤᠮᠳᠠᠲᠤ ᠰᠤᠷᠭᠠᠭᠤᠯᠢ ᠪᠠᠶᠢᠭᠤᠯᠤᠭᠳᠠᠪᠠ᠃ ᠲᠤᠬᠠᠢ ᠶᠢᠨ ᠦᠶ᠎ᠡ ᠳᠤ ᠬᠥᠯᠥᠨ ᠪᠤᠶᠢᠷ ᠠᠶᠢᠮᠠᠭ ᠤᠨ ᠮᠣᠩᠭᠤᠯ ᠬᠤᠰᠢᠭᠤᠳ ᠤᠨ ᠳᠤᠮᠳᠠᠲᠤ ᠰᠤᠷᠭᠠᠭᠤᠯᠢ ᠭᠡᠵᠦ ᠨᠡᠷᠡᠯᠡᠵᠦ ᠪᠠᠶᠢᠵᠠᠢ᠃          ᠬᠤᠷᠢᠨ ᠶᠢᠰᠦ᠂1925 ᠣᠨ ᠳᠤ ᠱᠠᠪᠢ ᠪᠠᠷᠭᠤ ᠶᠢᠨ ᠲᠦᠷᠦᠭᠦᠦ ᠳᠣᠪᠵᠢᠷ ᠤᠨ ᠱᠠᠪᠷᠠᠩ᠂ ᠮᠢᠰᠢᠭ ᠨᠠᠷ ᠲᠤᠰ ᠵᠢᠯ ᠤᠨ ᠪᠢᠯᠢᠭ ᠤᠨ ᠤᠯᠠᠷᠢᠯ ᠤᠨ ᠳᠦᠷᠪᠡᠨ ᠰᠠᠷ᠎ᠠ ᠶᠢᠨ ᠰᠡᠭᠦᠯᠴᠢ ᠪᠠᠷ ᠨᠢᠭᠡᠨ ᠮᠠᠨᠠᠨ ᠲᠠᠢ ᠰᠥᠨᠢ᠂ ᠡᠭᠦᠳᠡ ᠶᠢᠨ ᠵᠢᠷᠠᠩ ᠬᠡᠮᠡᠬᠦ ᠭᠠᠵᠠᠷ ᠲᠥᠪᠯᠡᠷᠡᠭᠰᠡᠨ ᠵᠣᠨ ᠢᠶᠠᠨ ᠨᠡᠭᠦᠯᠭᠡᠵᠦ᠂ ᠬᠡᠷᠦᠯᠦᠨ ᠭᠤᠣᠯ ᠤᠨ ᠡᠮᠦᠨ᠎ᠡ ᠲᠠᠯ᠎ᠠ ᠪᠠᠷ ᠬᠢᠯᠢ ᠳᠠᠪᠠᠨ ᠬᠥᠯᠥᠨ ᠪᠤᠶᠢᠷ ᠲᠠᠭᠠᠨ ᠪᠤᠴᠠᠵᠤ ᠢᠷᠡᠪᠡ᠃          ᠭᠤᠴᠢ᠂1927 ᠣᠨ ᠳᠤ ᠡᠷᠬᠢᠮᠪᠠᠲᠤ ᠥᠪᠡᠷ ᠢᠶᠠᠨ ᠵᠠᠷᠤᠳᠠᠯ ᠭᠠᠷᠭᠠᠵᠤ ᠷᠠᠰᠢᠶᠠᠨ ᠰᠦᠮ᠎ᠡ ᠶᠢ ᠪᠠᠶᠢᠭᠤᠯᠪᠠ᠃ ᠷᠠᠰᠢᠶᠠᠨ ᠰᠦᠮ᠎ᠡ ᠨᠢ ᠬᠥᠯᠥᠨ ᠪᠤᠶᠢᠷ ᠠᠶᠢᠮᠠᠭ ᠤᠨ ᠴᠣᠷ ᠤᠨ ᠭᠠᠭᠴᠠ ᠮᠠᠮᠪᠠ ᠳᠠᠴᠠᠩ ᠤᠨ ᠰᠦᠮ᠎ᠡ ᠪᠥᠭᠡᠳ ᠤᠷᠢᠳ ᠬᠤᠵᠢᠳ200 ᠭᠠᠷᠤᠢ ᠯᠠᠮᠠ ᠡᠮᠴᠢ ᠶᠢ ᠬᠥᠮᠥᠵᠢᠭᠦᠯᠦᠨ ᠭᠠᠷᠭᠠᠵᠤ᠂ ᠬᠥᠯᠥᠨ ᠪᠤᠶᠢᠷ ᠤᠨ ᠮᠠᠯᠵᠢᠬᠤ ᠣᠷᠣᠨ ᠤ ᠠᠷᠠᠳ ᠲᠦᠮᠡᠨ ᠤ ᠡᠷᠡᠭᠦᠯ ᠮᠡᠨᠳᠦ ᠳᠤ ᠯᠤᠲᠤ ᠶᠡᠭᠡ ᠭᠠᠪᠢᠶ᠎ᠠ ᠵᠢᠳᠬᠦᠯ ᠭᠠᠷᠭᠠᠪᠠ᠃
ᠢᠷᠡᠯᠲᠡ᠄ ︽ᠪᠠᠷᠭᠤ ᠲᠣᠪᠴᠢᠶᠠᠨ︾