4 ᠰᠠᠷ᠎ᠠ ᠶᠢᠨ 18 ᠤ ᠡᠳᠦᠷ᠂ ᠳᠤᠮᠳᠠᠳᠤ ᠤᠯᠤᠰ ᠤᠨ ᠰᠢᠯᠵᠢᠮᠡᠯ ᠬᠤᠯᠪᠣᠭ᠎ᠠ ᠠᠯᠪᠠᠨ ᠵᠠᠷ ᠨᠡᠶᠢᠲᠡᠯᠡᠵᠦ᠂ 5 ᠰᠠᠷ᠎ᠠ ᠶᠢᠨ 1 ᠤ ᠡᠳᠦᠷ ᠠᠴᠠ ᠡᠬᠢᠯᠡᠨ | ᠪᠥᠬᠦ ᠤᠯᠤᠰ ᠤᠨ ᠲᠥᠷᠥᠯ ᠰᠠᠳᠤᠨ ᠤ ᠬᠠᠶᠢᠷ᠎ᠠ ᠶᠢᠨ ᠰᠦᠯᠵᠢᠶ᠎ᠡ ︵ᠪᠥᠬᠦ ᠤᠯᠤᠰ ᠤᠨ ᠬᠡᠪᠯᠡᠯ︶ ᠶᠢᠨ ᠪᠠᠷᠢᠮᠵᠢᠶᠠᠲᠤ ᠰᠤᠶᠢᠳᠭᠡᠯ ᠢ ᠬᠢᠮᠳᠠᠷᠠᠭᠤᠯᠤᠨ᠎ᠠ᠂ | ᠬᠢᠮᠳᠠᠷᠠᠭᠤᠯᠤᠭᠰᠠᠨ ᠤ ᠳᠠᠷᠠᠭ᠎ᠠ ᠦᠨᠳᠦᠰᠦᠨ ᠴᠢᠳᠠᠮᠵᠢ ᠶᠢᠨ ᠰᠤᠶᠢᠳᠭᠡᠯ ᠰᠠᠷ᠎ᠠ ᠳᠤ 5 ᠲᠥᠭᠦᠷᠢᠭ ᠪᠣᠯᠤᠨ᠎ᠠ᠂ ᠡᠭᠦᠨ ᠳᠤ 1 ᠴᠤᠬᠯᠠᠷᠠᠯ ᠤᠨ ᠠᠬᠠᠯᠠᠬᠴᠢ ᠵᠢᠴᠢ | 3 ᠪᠦᠷᠢᠯᠳᠦᠬᠦᠨ ᠪᠠᠭᠲᠠᠨ᠎ᠠ᠂ ᠰᠠᠭᠤᠷᠢ ᠪᠦᠷᠢᠯᠳᠦᠬᠦᠨ ᠤ ᠲᠤᠭ᠎ᠠ ᠠᠴᠠ ᠬᠡᠳᠦᠷᠡᠪᠡᠯ᠂ ᠮᠤᠵᠢ ᠶᠢᠨ ᠲᠤᠳᠤᠷᠠᠬᠢ ᠪᠠ ᠮᠤᠵᠢ ᠶᠢᠨ ᠭᠠᠳᠠᠨᠠᠬᠢ ᠪᠦᠷᠢᠯᠳᠦᠬᠦᠨ ᠤ | ᠬᠥᠮᠦᠨ ᠪᠦᠷᠢ ᠠᠴᠠ ᠰᠠᠷ᠎ᠠ ᠶᠢᠨ ᠴᠢᠳᠠᠮᠵᠢ ᠶᠢᠨ ᠰᠤᠶᠢᠳᠭᠡᠯ ᠭᠡᠵᠦ 1 ᠲᠥᠭᠦᠷᠢᠭ ᠨᠢᠭᠡᠳᠦᠯᠳᠡᠢ ᠬᠤᠷᠢᠶᠠᠨ᠎ᠠ᠂ ᠴᠤᠬᠯᠠᠷᠠᠯ ᠪᠦᠷᠢ ᠳᠤ ᠬᠠᠮᠤᠭ ᠤᠨ ᠣᠯᠠᠨ ᠳᠠᠭᠠᠨ | 19 ᠬᠥᠮᠦᠨ ︵ᠠᠬᠠᠯᠠᠬᠴᠢ ᠪᠠᠭᠲᠠᠨ᠎ᠠ︶ ᠪᠠᠶᠢᠵᠤ᠂ ᠴᠤᠬᠯᠠᠷᠠᠯ ᠤᠨ ᠳᠣᠲᠣᠷᠠᠬᠢ ᠪᠦᠷᠢᠯᠳᠦᠬᠦᠨ ᠤ ᠬᠤᠭᠤᠷᠣᠨᠳᠣ ᠪᠠᠨ ᠪᠥᠬᠦ ᠤᠯᠤᠰ ᠤᠨ ᠬᠡᠪᠴᠢᠶᠡᠨ ᠳᠤ | ᠬᠠᠷᠢᠯᠴᠠᠨ ᠶᠠᠷᠢᠯᠴᠠᠵᠤ ᠸᠢᠳᠢᠤ᠋ ᠤᠲᠠᠰᠤ ᠨᠡᠪᠳᠡᠷᠡᠬᠦ ᠳᠤ ᠰᠤᠶᠢᠳᠬᠡᠯ ᠦᠯᠦ ᠬᠤᠷᠢᠶᠠᠬᠤ ︵ᠰᠢᠶᠠᠩᠭᠠᠩ ᠣᠣᠮᠧᠨ ᠲᠠᠶᠢᠸᠠᠨ ᠪᠠᠭᠲᠠᠬᠤ ᠥᠬᠡᠶ︶ ᠶᠢ ᠳᠡᠮᠵᠢᠨ᠎ᠡ | ᠭᠡᠪᠡ᠃ | |