ᠭᠠᠨᠵᠤᠤᠷ ᠰᠦᠮ᠎ᠡ ᠪᠣᠯ ᠬᠥᠯᠥᠨ ᠪᠤᠶᠢᠷ ᠤᠨ ᠲᠠᠯ᠎ᠠ ᠨᠤᠲᠤᠭ ᠲᠤ ᠪᠠᠶᠢᠳᠠᠭ ᠬᠠᠮᠤᠭ ᠤᠨ ᠲᠣᠮᠣ ᠪᠤᠳ᠋ᠳ᠋ᠾᠠ ᠶᠢᠨ ᠱᠠᠰᠢᠨ ᠤ ᠰᠦᠮ᠎ᠡ ᠪᠣᠯᠬᠤ ᠪᠥᠭᠡᠳ | ᠤᠯᠤᠰ ᠤᠨ︽AAA︾ ᠳᠡᠰ ᠤᠨ ᠲᠡᠦᠬᠡᠨ ᠦᠵᠡᠮᠵᠢᠲᠦ ᠭᠠᠵᠠᠷ ᠪᠣᠯᠣᠨ᠎ᠠ᠃ | ᠭᠠᠨᠵᠤᠤᠷ ᠰᠦᠮ᠎ᠡ ᠨᠢ ᠰᠢᠨ᠎ᠡ ᠪᠠᠷᠭᠤ ᠵᠡᠭᠦᠨ ᠬᠤᠰᠢᠭᠤᠨ ᠤ ᠲᠥᠪ ᠠᠮᠤᠭᠤᠯᠠᠩ ᠪᠠᠯᠭᠠᠰᠤ ᠠᠴᠠ ᠬᠤᠶᠢᠰᠢ20 ᠺᠢᠯᠣᠮᠧᠲᠷ ᠲᠤ ᠪᠠᠶᠢᠭ᠎ᠠ ᠪᠤᠶᠠᠨᠲᠤ | ᠪᠦᠷᠢᠳᠦ ᠶᠢᠨ ᠪᠠᠷᠠᠭᠤᠨ ᠡᠮᠦᠨ᠎ᠡ ᠳᠡᠨᠵᠢᠨ ᠳᠡᠭᠡᠷ᠎ᠡ ᠰᠦᠨᠳᠡᠷᠯᠡᠵᠦ ᠪᠤᠢ᠃ ᠲᠤᠰ ᠰᠦᠮ᠎ᠡ ᠶᠢᠨ ᠵᠢᠩᠬᠢᠨᠢ ᠨᠡᠷ᠎ᠡ ᠨᠢ︽ᠥᠯᠵᠡᠢ ᠡᠩᠬᠡᠵᠢᠭᠦᠯᠦᠭᠴᠢ ᠰᠦᠮ᠎ᠡ︾ ᠭᠡᠳᠡᠭ | ᠪᠣᠯᠪᠠᠴᠤ108 ᠪᠣᠳᠢ ᠰᠢᠩᠬᠤᠨ ᠤᠯᠠᠭᠠᠨ︽ᠭᠠᠨᠵᠤᠤᠷ︾ ᠨᠣᠮ ᠢ ᠲᠤᠰᠬᠠᠶᠢᠯᠠᠨ ᠵᠠᠯᠠᠵᠤ ᠰᠢᠲᠦᠵᠦ ᠪᠠᠶᠢᠭ᠎ᠠ ᠲᠤᠯᠠ︽ᠪᠠᠷᠭᠤ ᠶᠢᠨ ᠤᠯᠠᠭᠠᠨ ᠭᠠᠨᠵᠤᠤᠷ ᠰᠦᠮ᠎ᠡ︾ | ᠭᠡᠵᠦ ᠬᠤᠯᠠ ᠣᠶᠢᠷ᠎ᠠ ᠳᠤ ᠠᠯᠳᠠᠷᠰᠢᠵᠠᠢ᠃ ᠭᠠᠨᠵᠤᠤᠷ ᠰᠦᠮ᠎ᠡ ᠶᠢᠨ ᠪᠠᠷᠢᠯᠭ᠎ᠠ1781ᠣᠨ ᠠᠴᠠ ᠡᠬᠢᠯᠡᠵᠦ1785 ᠣᠨ ᠳᠤ ᠳᠠᠭᠤᠰᠴᠤ᠂ ᠴᠢᠩ ᠤᠯᠤᠰ ᠤᠨ | ᠲᠡᠭᠷᠢ ᠲᠡᠳᠬᠦᠭᠴᠢ ᠬᠠᠭᠠᠨ ᠠᠴᠠ︽ᠥᠯᠵᠡᠢ ᠡᠩᠬᠡᠵᠢᠭᠦᠯᠦᠭᠴᠢ ᠰᠦᠮ᠎ᠡ︾ ᠭᠡᠰᠡᠨ ᠴᠣᠯᠠ ᠬᠠᠶᠢᠷᠠᠯᠠᠭᠰᠠᠨ ᠪᠥᠭᠡᠳ ᠭᠠᠨᠵᠤᠤᠷ ᠰᠦᠮ᠎ᠡ ᠪᠦᠬᠦᠢ ᠳᠤ ᠪᠠᠨ11 ᠰᠦᠮ᠎ᠡ᠂ | 4 ᠵᠢᠰᠠ ᠪᠣᠯᠣᠨ100 ᠭᠠᠷᠤᠢ ᠲᠠᠰᠤᠯᠭ᠎ᠠ ᠯᠠᠮᠠ ᠨᠠᠷ ᠤᠨ ᠣᠷᠣᠨ ᠰᠠᠭᠤᠴᠠ ᠪᠦᠬᠦᠢ ᠪᠠᠷᠢᠯᠭ᠎ᠠ ᠶᠢᠨ ᠲᠠᠯᠠᠪᠠᠢ ᠨᠢ1 ᠲᠦᠮᠡ ᠭᠠᠷᠤᠢ ᠲᠡᠭᠰᠢ ᠳᠥᠷᠪᠡᠯᠵᠢᠨ ᠮᠧᠲᠷ | ᠪᠠᠶᠢᠵᠤ᠂ ᠬᠢᠲᠠᠳ ᠮᠣᠩᠭᠤᠯ ᠲᠥᠪᠡᠳ ᠮᠠᠶ᠋ᠢᠭ ᠤᠨ3 ᠲᠦᠷᠦᠯ ᠤᠨ ᠬᠡᠪ ᠨᠠᠮᠪᠠ᠂ ᠰᠣᠶᠣᠯ ᠤᠷᠠᠯᠢᠭ ᠢ ᠤᠶᠠᠯᠳᠤᠭᠤᠯᠤᠭᠰᠠᠨ ᠭᠠᠶᠢᠬᠠᠮᠰᠢᠭᠲᠤ ᠪᠠᠷᠢᠯᠭ᠎ᠠ ᠪᠣᠯᠣᠨ᠎ᠠ᠃ | ᠣᠳᠣ ᠤᠤᠯ ᠤᠨ ᠶᠠᠫᠤᠨ ᠴᠡᠷᠢᠭ ᠤᠨ ᠽᠧᠮᠧᠨᠲ ᠪᠠᠬᠢᠯᠡᠯᠲᠡ ᠨᠦᠭᠦᠳ᠂ ᠬᠤᠰᠢᠭᠤ ᠣᠪᠣᠭ᠎ᠠ᠂ ᠭᠠᠨᠵᠤᠤᠷ ᠤᠨ ᠪᠦᠷᠢᠳᠦ ᠪᠣᠯᠣᠨ ᠰᠦᠮ᠎ᠡ ᠳᠤᠭᠠᠩ᠂ | ᠥᠯᠵᠡᠶᠢᠲᠦ ᠰᠤᠪᠤᠷᠭ᠎ᠠ ᠪᠠᠷ ᠪᠦᠷᠢᠯᠳᠦᠭᠰᠡᠨ ᠱᠠᠰᠢᠨ ᠰᠢᠲᠦᠯᠭᠡ᠂ ᠰᠣᠶᠣᠯ ᠲᠡᠦᠬᠡ᠂ ᠬᠠᠭᠤᠴᠢ ᠪᠣᠳᠠᠰ᠂ ᠵᠠᠩ ᠦᠢᠯᠡ᠂ ᠲᠠᠯ᠎ᠠ ᠨᠤᠲᠤᠭ ᠤᠨ ᠠᠮᠢ ᠠᠬᠤᠢ ᠶᠢᠨ | ᠬᠠᠮᠠᠭᠠᠯᠠᠯᠲᠠ ᠶᠢ ᠪᠠᠭᠲᠠᠭᠠᠭᠰᠠᠨ︽ᠭᠠᠨᠵᠤᠤᠷ︱ ᠪᠠᠷᠭᠤ ᠮᠣᠩᠭᠤᠯ ᠤᠨ ᠶᠡᠭᠡ ᠴᠠᠶᠢᠵᠠ︾ ᠵᠢᠭᠤᠯᠴᠢᠯᠠᠯ ᠤᠨ ᠲᠣᠭᠤᠷᠢᠭ ᠪᠣᠯᠣᠨ ᠬᠥᠭᠵᠢᠵᠦ ᠪᠠᠶᠢᠨ᠎ᠠ᠃ | ᠭᠠᠨᠵᠤᠤᠷ ᠰᠦᠮ᠎ᠡ ᠳᠤ ᠠᠮᠤᠭᠤᠯᠠᠩ ᠠᠴᠠ ᠭᠠᠨᠵᠤᠤᠷ ᠬᠦᠷᠬᠦ ᠬᠤᠶᠠᠳᠤᠭᠠᠷ ᠳᠡᠰ ᠤᠨ ᠲᠤᠰᠬᠠᠢ ᠱᠤᠭᠤᠮ ᠤᠨ ᠵᠠᠰᠠᠮᠠᠯ ᠵᠠᠮ ᠨᠡᠪᠲᠡᠷᠡᠵᠦ᠂ ᠬᠠᠶᠢᠯᠠᠷ | ᠬᠤᠲᠠ ᠠᠴᠠ180 ᠺᠢᠯᠣᠮᠧᠲᠷ᠂ ᠮᠠᠨᠵᠤᠤᠷ ᠬᠤᠲᠠ ᠠᠴᠠ200 ᠺᠢᠯᠣᠮᠧᠲᠷ᠂ ᠰᠢᠨ᠎ᠡ ᠪᠠᠷᠭᠤ ᠪᠠᠷᠠᠭᠤᠨ ᠬᠤᠰᠢᠭᠤᠨ ᠤ ᠠᠯᠲᠠᠨᠡᠮᠡᠭᠡᠯ ᠪᠠᠯᠭᠠᠰᠤ ᠠᠴᠠ100 | ᠺᠢᠯᠣᠮᠧᠲᠷ᠂ ᠬᠢᠩᠭᠠᠨ ᠠᠶᠢᠮᠠᠭ ᠤᠨ ᠷᠠᠰᠢᠶᠠᠨ ᠬᠤᠲᠠ ᠠᠴᠠ205 ᠺᠢᠯᠣᠮᠧᠲᠷ ᠵᠠᠶᠢᠲᠠᠢ ᠣᠷᠣᠰᠢᠵᠤ ᠪᠤᠢ᠃ |