ᠠᠷᠠᠰᠤ ᠪᠠᠭ᠎ᠠ ᠬᠡᠮᠵᠢᠶ᠎ᠡ ᠪᠠᠷ ᠰᠢᠷᠬᠠᠲᠤᠭᠰᠠᠨ ᠪᠤᠶᠤ ᠲᠦᠯᠡᠭᠳᠡᠭᠰᠡᠨ᠂ ᠬᠠᠯᠠᠭᠠᠭᠳᠠᠭᠰᠠᠨ ᠪᠠᠶᠢᠪᠠᠯ ᠪᠠᠭ᠎ᠠ ᠬᠡᠮᠵᠢᠶᠡᠨ ᠤ ᠶᠠᠭᠤᠤ ᠲᠦᠷᠬᠢᠪᠠᠯ ᠳᠣᠣᠷ᠎ᠠ ᠨᠢ | ᠡᠪᠡᠳᠬᠦ ᠶᠢ ᠨᠠᠮᠳᠠᠭᠤᠯᠵᠤ᠂ ᠴᠢᠰᠤ ᠶᠢ ᠨᠢ ᠵᠣᠭᠰᠣᠭᠠᠨ᠎ᠠ᠃ | ᠬᠤᠭᠤᠯᠠᠢ᠂ ᠪᠤᠶᠢᠯᠠ ᠦᠷᠪᠢᠰᠦᠯ ᠲᠠᠢ ᠪᠣᠯᠪᠠᠯ᠂ ᠰᠥᠨᠢ ᠲᠠᠷᠪᠤᠰ ᠢ ᠵᠢᠵᠢᠭ ᠵᠢᠵᠢᠭ ᠬᠡᠰᠡᠭ ᠪᠣᠯᠭᠠᠨ ᠬᠡᠷᠴᠢᠵᠦ᠂ ᠳᠠᠪᠤᠰᠤ ᠲᠦᠷᠬᠢᠭᠡᠳ ᠢᠳᠡᠪᠡᠯ ᠳᠠᠷᠤᠢ | ᠳᠤᠨᠢ ᠡᠪᠡᠳᠴᠢᠨ ᠤ ᠪᠠᠶᠢᠳᠠᠯ ᠰᠠᠶᠢᠵᠢᠷᠠᠵᠤ᠂ ᠬᠤᠶᠠᠳᠤᠭᠠᠷ ᠡᠳᠦᠷ ᠨᠢ ᠡᠳᠡᠭᠡᠷᠡᠴᠢᠬᠡᠨ᠎ᠡ᠃ | ᠤᠨᠲᠠᠬᠤ ᠠᠴᠠ ᠡᠮᠦᠨ᠎ᠡ ᠣᠯᠠᠨ ᠦᠭᠡ ᠬᠡᠯᠡᠬᠦ ᠦᠭᠡᠢ᠂ ᠥᠳᠬᠡᠨ ᠴᠠᠢ ᠤᠤᠭᠤᠬᠤ ᠦᠭᠡᠢ᠂ ᠲᠠᠷᠢᠬᠢ ᠶᠡᠭᠡ ᠪᠠᠷ ᠬᠡᠷᠡᠭᠯᠡᠬᠦ ᠦᠭᠡᠢ᠂ ᠬᠠᠯᠠᠭᠤᠨ | ᠣᠰᠣᠨ ᠳᠤ ᠼᠤᠣ ᠬᠢᠵᠦ ᠬᠥᠯ ᠢᠶᠠᠨ ᠤᠬᠢᠶᠠᠪᠠᠯ ᠨᠣᠶᠢᠷ ᠬᠤᠯᠵᠢᠬᠤ ᠶᠢ ᠰᠡᠷᠭᠡᠶᠢᠯᠡᠵᠦ ᠪᠣᠯᠣᠨ᠎ᠠ᠃ | ᠴᠠᠭᠠᠨ ᠼᠤᠣ ᠶᠢ ᠠᠮᠪᠠᠨ ᠳᠡᠭᠡᠷ᠎ᠡ ᠳᠤᠰᠤᠭᠠᠵᠤ ᠬᠠᠭᠠᠰ ᠴᠠᠭ ᠲᠠᠯᠪᠢᠭᠰᠠᠨ ᠤ ᠲᠠᠷᠠᠭ᠎ᠠ ᠤᠬᠢᠶᠠᠪᠠᠯ ᠪᠠᠺᠲ᠋ᠧᠷᠢ ᠠᠯᠠᠬᠤ ᠪᠥᠭᠡᠳ ᠦᠨᠦᠷ ᠢ ᠠᠷᠢᠯᠭᠠᠨ᠎ᠠ᠃ | | ᠰᠣᠩᠭᠢᠨ᠎ᠠ ᠰᠠᠷᠢᠮᠰᠠᠭ ᠢ ᠣᠯᠠᠨ ᠢᠳᠡᠪᠡᠯ ᠠᠮᠠᠨ ᠬᠥᠨᠳᠡᠢ᠂ ᠬᠤᠳᠣᠭᠤᠳᠤ ᠭᠡᠳᠡᠰᠦᠨ ᠳᠤ ᠰᠡᠳᠡᠯᠲᠡ ᠥᠭᠴᠦ ᠡᠷᠡᠭᠦᠯ ᠮᠠᠨᠳᠣ ᠳᠤ ᠠᠰᠢᠭ ᠦᠭᠡᠢ᠂ | ᠵᠢᠭᠠᠬᠠᠨ ᠼᠣᠣ ᠬᠢᠭᠡᠳ ᠢᠳᠡᠪᠡᠯ ᠰᠠᠶᠢᠨ᠃ ᠬᠥᠯᠳᠡᠭᠡᠭᠦᠷ ᠲᠤ ᠢᠳᠡᠭᠡᠨ ᠪᠣᠯᠭᠠᠨ ᠢ ᠬᠠᠳᠠᠭᠠᠯᠠᠵᠤ ᠪᠣᠯᠳᠠᠭ ᠪᠢᠰᠢ᠃ | ᠳᠣᠣᠷᠠᠬᠢ ᠢᠳᠡᠭᠡᠨ ᠢ ᠬᠥᠯᠳᠡᠭᠡᠭᠦᠷ ᠲᠤ ᠤᠳᠠᠭᠠᠨ ᠲᠠᠯᠪᠢᠬᠤ ᠦᠭᠡᠢ ᠪᠠᠶᠢᠪᠠᠯ ᠵᠣᠬᠢᠨ᠎ᠠ᠃ | ᠪᠡᠷᠴᠢᠭᠢᠷ ᠯᠤᠤ ᠶᠢᠨ ᠨᠢᠳᠦ᠄ 0 ᠭᠷᠡᠳᠦ᠋ᠰ ᠠᠴᠠ ᠳᠣᠣᠷ᠎ᠠ ᠳᠤᠯᠠᠭᠠᠨ ᠳᠤ 1 ᠡᠳᠦᠷ ᠲᠠᠯᠪᠢᠬᠤ ᠳᠤ ᠬᠠᠯᠢᠰᠤ ᠨᠢ ᠬᠠᠷᠠᠯᠠᠵᠤ᠂ ᠠᠮᠲᠠ ᠨᠢ ᠮᠠᠭᠤᠳᠠᠳᠠᠭ᠃ | ᠪᠠᠨᠠᠨᠠ᠄ 12 ᠭᠷᠡᠳᠦ᠋ᠰ ᠠᠴᠠ ᠳᠣᠣᠷ᠎ᠠ ᠳᠤᠯᠠᠭᠠᠨ ᠳᠤ ᠬᠠᠳᠠᠭᠠᠯᠠᠪᠠᠯ ᠬᠠᠷᠠᠯᠠᠵᠤ ᠡᠪᠳᠡᠷᠡᠳᠡᠭ᠃ | ᠦᠷᠭᠡᠰᠦᠲᠦ ᠬᠡᠮᠬᠡ᠄ 0 ᠭᠷᠡᠳᠦ᠋ᠰ ᠤᠨ ᠬᠥᠯᠳᠡᠭᠡᠭᠦᠷ ᠲᠤ 3 ᠡᠳᠦᠷ ᠲᠠᠯᠪᠢᠪᠠᠯ᠂ ᠦᠷᠭᠡᠰᠦᠲᠦ ᠬᠡᠮᠬᠡ ᠶᠢᠨ ᠬᠠᠯᠢᠰᠤ ᠨᠢ ᠬᠠᠳᠠᠩᠰᠢᠵᠤ᠂ ᠬᠡᠷᠴᠢᠬᠦ ᠳᠤ | ᠴᠠᠪᠠᠤᠯᠢᠭ ᠰᠢᠩᠭᠡᠨ ᠤᠰᠤ ᠭᠠᠷᠴᠤ᠂ ᠦᠨᠦᠷ ᠠᠮᠲᠠ ᠨᠢ ᠮᠠᠭᠤᠳᠠᠳᠠᠭ᠃ | ᠲᠥᠪᠡᠳ ᠬᠠᠰᠢ᠄ ᠲᠥᠪᠡᠳ ᠬᠠᠰᠢ ᠶᠢᠨ ᠵᠠᠷᠢᠮ ᠬᠡᠰᠡᠭ ᠭᠠᠵᠠᠷ ᠪᠤᠶᠤ ᠪᠦᠬᠦᠨ ᠢᠶᠠᠷ ᠢᠶᠠᠨ ᠤᠰᠤᠷᠬᠠᠭ ᠪᠣᠯᠵᠤ ᠠᠮᠠᠷᠬᠠᠨ ᠢᠯᠵᠠᠷᠠᠨ᠂ ᠲᠣᠯᠪᠤ ᠰᠠᠭᠤᠳᠠᠭ᠃ | | ᠳᠠᠪᠤᠰᠤᠯᠠᠭᠰᠠᠨ ᠭᠠᠭᠠᠢ ᠶᠢᠨ ᠭᠤᠶ᠎ᠠ᠄ ᠬᠥᠯᠳᠡᠭᠡᠭᠦᠷ ᠲᠤ ᠬᠠᠳᠠᠭᠠᠯᠠᠪᠠᠯ ᠤᠰᠤᠯᠢᠭ ᠬᠡᠮᠵᠢᠶ᠎ᠡ ᠨᠢ ᠬᠥᠯᠳᠡᠵᠦ ᠮᠦᠰᠦᠵᠢᠭᠡᠳ ᠥᠭᠡᠬᠦᠨ ᠤ ᠢᠰᠦᠯᠲᠡ ᠨᠢ | ᠲᠦᠷᠭᠡᠳᠴᠦ᠂ ᠴᠢᠨᠠᠷ ᠨᠢ ᠮᠠᠭᠤᠳᠠᠨ᠂ ᠬᠠᠳᠠᠭᠠᠯᠠᠬᠤ ᠬᠤᠭᠤᠴᠠᠭ᠎ᠠ ᠨᠢ ᠪᠣᠭᠤᠨᠢᠰᠳᠠᠭ᠃ | ᠴᠤᠺᠤᠯᠠᠳ᠋᠄ 30 ᠭᠷᠡᠳᠦ᠋ᠰ ᠤᠨ ᠬᠠᠯᠠᠭᠤᠨ ᠳᠤ ᠴᠤᠺᠤᠯᠠᠳ᠋ ᠢᠶᠠᠨ ᠴᠠᠬᠢᠯᠭᠠᠨ ᠬᠥᠯᠳᠡᠭᠡᠭᠦᠷ ᠠᠴᠠ ᠠᠪᠴᠤ ᠭᠠᠷᠭᠠᠬᠤ ᠳᠤ ᠦᠩᠭᠡᠨ ᠲᠠᠯ᠎ᠠ ᠨᠢ ᠠᠪᠤᠨ | ᠳᠣᠣᠷ᠎ᠠ ᠪᠠᠨ ᠬᠢᠷᠠᠭᠤᠵᠢᠵᠦ᠂ ᠤᠳᠠᠭᠠᠨ ᠳᠠᠭᠠᠨ ᠴᠤᠺᠤᠯᠠᠳ᠋ ᠨᠢ ᠴᠢᠭᠢᠭᠳᠡᠭᠰᠡᠨ ᠠᠴᠠ ᠪᠣᠯᠵᠤ ᠢᠯᠵᠠᠷᠠᠨ ᠡᠪᠳᠡᠷᠡᠬᠦ ᠪᠤᠶᠤ ᠬᠤᠷᠤᠬᠠᠶᠢᠳᠠᠳᠠᠭ᠃ |