ᠳᠤᠮᠳᠠᠳᠤ ᠶᠢᠨ ᠪᠦᠭᠦ ᠤᠯᠤᠰ ᠤᠨ ᠠᠵᠢᠯᠴᠢᠨ ᠤ ᠶᠡᠷᠦᠩᠬᠡᠢ ᠡᠪᠯᠡᠯ ᠪᠠᠶᠢᠭᠤᠯᠤᠭᠳᠠᠭᠰᠠᠨ 100 ᠵᠢᠯ ᠤᠨ ᠣᠶ ᠶᠢ ᠪᠡᠯᠭᠡᠯᠡᠬᠦ ᠵᠢᠴᠢ ᠪᠦᠭᠦ ᠤᠯᠤᠰ ᠤᠨ ᠭᠦᠳᠡᠯᠮᠦᠷᠢ ᠶᠢᠨ ᠵᠢᠱᠢᠶᠡᠴᠢ ᠪᠣᠯᠣᠨ ᠲᠡᠷᠢᠭᠦᠨ ᠤ ᠠᠵᠢᠯᠲᠠᠨ ᠢ ᠬᠥᠬᠢᠭᠦᠯᠦᠨ ᠰᠠᠶᠢᠰᠢᠶᠠᠬᠤ ᠶᠡᠭᠡ ᠬᠤᠷᠠᠯ ᠳᠡᠭᠡᠷᠡᠬᠢ ᠶᠠᠷᠢᠶ᠎ᠠ
ᠨᠡᠶᠢᠲᠡᠯᠡᠭᠰᠡᠨ ᠴᠠᠭ᠄
2025/4/29
ᠨᠥᠬᠦᠳ ᠠ᠋᠂ ᠨᠠᠶᠢᠵᠠ ᠨᠠᠷ ᠠ᠋᠄          ︽5•1︾᠎ ᠤ ᠳᠡᠯᠡᠬᠡᠢ ᠶᠢᠨ ᠬᠥᠳᠡᠯᠮᠦᠷᠢᠴᠢᠳ ᠤᠨ ᠪᠠᠶᠠᠷ ᠤᠳᠠᠯ ᠦᠭᠡᠢ ᠬᠦᠷᠴᠦ ᠢᠷᠡᠬᠦ ᠲᠠᠰᠢᠷᠠᠮ ᠢᠶᠠᠷ᠂ ᠪᠢᠳᠡ ᠦᠪᠡᠳᠡᠭᠰᠢ ᠶᠡᠭᠡ ᠴᠤᠭᠯᠠᠭᠠᠨ ᠪᠣᠯᠵᠤ᠂ ᠳᠤᠮᠳᠠᠳᠤ ᠶᠢᠨ ᠪᠦᠭᠦ ᠤᠯᠤᠰ ᠤᠨ ᠠᠵᠢᠯᠴᠢᠨ ᠤ ᠶᠡᠷᠦᠩᠬᠡᠢ ᠡᠪᠯᠡᠯ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠵᠦ᠂ ᠮᠠᠨ ᠤ ᠤᠯᠤᠰ ᠤᠨ ᠠᠵᠢᠯᠴᠢᠨ ᠤ ᠬᠥᠳᠡᠯᠭᠡᠭᠡᠨ ᠤ ᠭᠡᠷᠡᠯ ᠰᠠᠴᠤᠷᠠᠩᠭᠤᠢ ᠥᠩᠭᠡᠷᠡᠯᠲᠡ ᠪᠣᠯᠣᠨ ᠠᠭᠤᠤ ᠶᠡᠭᠡ ᠠᠮᠵᠢᠯᠲᠠ ᠪᠦᠲᠦᠮᠵᠢ ᠶᠢ ᠡᠷᠭᠢᠴᠡᠭᠦᠯᠦᠨ ᠳ᠋ᠦᠩᠨᠡᠵᠦ᠂ ᠪᠦᠭᠦ ᠤᠯᠤᠰ ᠤᠨ ᠭᠦᠳᠡᠯᠮᠦᠷᠢ ᠶᠢᠨ ᠵᠢᠱᠢᠶᠡᠴᠢ ᠪᠣᠯᠣᠨ ᠲᠡᠷᠢᠭᠦᠨ ᠤ ᠠᠵᠢᠯᠲᠠᠨ ᠢ ᠬᠥᠬᠢᠭᠦᠯᠦᠨ ᠰᠠᠶᠢᠰᠢᠶᠠᠵᠤ᠂ ᠮᠠᠨ ᠤ ᠤᠯᠤᠰ ᠤᠨ ᠠᠵᠢᠯᠴᠢᠨ ᠠᠩᠭᠢ ᠪᠣᠯᠣᠨ ᠥᠷᠭᠡᠨ ᠤᠯᠠᠨ ᠬᠥᠳᠡᠯᠮᠦᠷᠢᠴᠢᠨ ᠲᠦᠮᠡᠨ ᠤ ᠰᠢᠨ᠎ᠡ ᠠᠶᠠᠨ ᠳᠤ ᠡᠷᠡᠯᠬᠡᠭᠯᠡᠨ ᠤᠷᠤᠭᠰᠢᠯᠠᠵᠤ᠂ ᠰᠢᠨ᠎ᠡ ᠴᠠᠭ ᠦᠶ᠎ᠡ ᠳᠤ ᠭᠠᠪᠢᠶ᠎ᠠ ᠪᠠᠶᠢᠭᠤᠯᠵᠤ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ ᠬᠦᠴᠦᠷᠬᠡᠭ ᠤᠯᠤᠰ ᠤᠨ ᠪᠦᠲᠦᠭᠡᠨ ᠪᠠᠶᠢᠭᠤᠯᠤᠯᠲᠠ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠭᠤᠤ ᠦᠢᠯᠡᠰ ᠢ ᠪᠦᠭᠦ ᠲᠠᠯ᠎ᠠ ᠪᠠᠷ ᠠᠬᠢᠭᠤᠯᠬᠤ ᠳᠤ ᠨᠡᠩ ᠶᠡᠭᠡ ᠰᠢᠨ᠎ᠡ ᠬᠤᠪᠢ ᠨᠡᠮᠡᠷᠢ ᠦᠵᠡᠭᠦᠯᠭᠦ ᠶᠢ ᠤᠯᠠᠮ ᠳᠠᠶᠢᠴᠢᠯᠠᠨ ᠵᠣᠷᠢᠭᠵᠢᠭᠤᠯᠵᠤ ᠪᠠᠶᠢᠨ᠎ᠠ᠃          ᠡᠩ ᠲᠡᠷᠢᠭᠦᠨ ᠳᠤ᠂ ᠪᠢ ᠨᠠᠮ ᠤᠨ ᠲᠥᠪ ᠬᠤᠷᠢᠶ᠎ᠠ ᠶᠢᠨ ᠡᠮᠦᠨ᠎ᠡ ᠠᠴᠠ ᠨᠠᠮ ᠤᠨ ᠠᠵᠢᠯᠴᠢᠨ ᠤ ᠬᠥᠳᠡᠯᠭᠡᠭᠡᠨ ᠤ ᠦᠢᠯᠡᠰ ᠲᠤ ᠭᠠᠷᠮᠠᠭᠠᠢ ᠲᠡᠦᠬᠡᠲᠦ ᠬᠤᠪᠢ ᠨᠡᠮᠡᠷᠢ ᠦᠵᠡᠭᠦᠯᠦᠭᠰᠡᠨ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ ᠪᠣᠯᠣᠨ ᠠᠬᠠᠮᠠᠳ ᠨᠢᠭᠡ ᠦᠶ᠎ᠡ ᠶᠢᠨ ᠠᠵᠢᠯᠴᠢᠨ ᠤ ᠡᠪᠯᠡᠯ ᠤᠨ ᠤᠳᠤᠷᠢᠳᠬᠤ ᠬᠥᠮᠥᠰ ᠲᠤ ᠡᠷᠬᠢᠮ ᠳᠡᠭᠡᠳᠦ ᠬᠦᠨᠳᠦᠳᠬᠡᠯ ᠳᠡᠪᠰᠢᠭᠦᠯᠵᠦ ᠪᠠᠶᠢᠨ᠎ᠠ︕ ᠪᠦᠭᠦ ᠤᠯᠤᠰ ᠤᠨ ᠦᠨᠳᠦᠰᠦᠲᠡᠨ ᠨᠦᠭᠦᠳ ᠤᠨ ᠠᠵᠢᠯᠴᠢᠨ᠂ ᠲᠠᠷᠢᠶᠠᠴᠢᠨ᠂ ᠰᠡᠬᠡᠭᠡᠲᠡᠨ ᠪᠣᠯᠣᠨ ᠪᠤᠰᠤᠳ ᠬᠥᠳᠡᠯᠮᠦᠷᠢᠴᠢᠨ ᠲᠦᠮᠡᠨ ᠳᠤ᠂ ᠡᠯ᠎ᠡ ᠱᠠᠲᠤᠨ ᠤ ᠠᠵᠢᠯᠴᠢᠨ ᠤ ᠡᠪᠯᠡᠯ ᠤᠨ ᠵᠣᠬᠢᠶᠠᠨ ᠪᠠᠶᠢᠭᠤᠯᠤᠯᠲᠠ ᠪᠣᠯᠣᠨ ᠠᠵᠢᠯᠴᠢᠨ ᠤ ᠡᠪᠯᠡᠯ ᠤᠨ ᠪᠦᠭᠦ ᠠᠵᠢᠯᠲᠠᠨ ᠳᠤ ᠴᠢᠩ ᠰᠡᠳᠬᠢᠯ ᠤᠨ ᠮᠡᠨᠳᠦᠴᠢᠯᠡᠯ ᠳᠡᠪᠰᠢᠭᠦᠯᠵᠦ ᠪᠠᠶᠢᠨ᠎ᠠ︕ ᠰᠢᠶᠠᠩᠭᠠᠩ ᠣᠨᠴᠠᠭᠠᠢ ᠵᠠᠰᠠᠭ ᠵᠠᠬᠢᠷᠭᠠᠨ ᠤ ᠣᠷᠣᠨ᠂ ᠣᠣᠮᠧᠨ ᠣᠨᠴᠠᠭᠠᠢ ᠵᠠᠰᠠᠭ ᠵᠠᠬᠢᠷᠭᠠᠨ ᠤ ᠣᠷᠣᠨ᠂ ᠲᠠᠶᠢᠸᠠᠨ ᠣᠷᠣᠨ ᠤ ᠠᠵᠢᠯᠴᠢᠨ ᠤ ᠡᠪᠯᠡᠯ ᠪᠣᠯᠣᠨ ᠬᠥᠳᠡᠯᠮᠦᠷᠢᠴᠢᠳ ᠤᠨ ᠡᠲᠡᠭᠡᠳ ᠤᠨ ᠨᠠᠶᠢᠵᠠ ᠨᠠᠷ ᠲᠤ ᠪᠠᠶᠠᠷ ᠤᠨ ᠡᠳᠦᠷ ᠤᠨ ᠵᠥᠩᠨᠡᠯ ᠳᠡᠪᠰᠢᠭᠦᠯᠵᠦ ᠪᠠᠶᠢᠨ᠎ᠠ︕ ᠬᠥᠬᠢᠭᠦᠯᠦᠨ ᠰᠠᠶᠢᠰᠢᠶᠠᠭᠳᠠᠭᠰᠠᠨ ᠪᠦᠭᠦ ᠤᠯᠤᠰ ᠤᠨ ᠭᠦᠳᠡᠯᠮᠦᠷᠢ ᠶᠢᠨ ᠵᠢᠱᠢᠶᠡᠴᠢ ᠪᠣᠯᠣᠨ ᠲᠡᠷᠢᠭᠦᠨ ᠤ ᠠᠵᠢᠯᠲᠠᠨ ᠳᠤ ᠬᠠᠯᠠᠭᠤᠨ ᠪᠠᠶᠠᠷ ᠬᠦᠷᠭᠡᠵᠦ ᠪᠠᠶᠢᠬᠤ ᠪᠠᠨ ᠢᠯᠡᠳᠬᠡᠶ᠎ᠡ︕          ᠡᠭᠦᠨ ᠤ ᠬᠠᠮᠲᠤ᠂ ᠪᠢ ᠳᠤᠮᠳᠠᠳᠤ ᠤᠯᠤᠰ ᠤᠨ ᠠᠵᠢᠯᠴᠢᠨ ᠠᠩᠭᠢ ᠪᠣᠯᠣᠨ ᠥᠷᠭᠡᠨ ᠤᠯᠠᠨ ᠬᠥᠳᠡᠯᠮᠦᠷᠢᠴᠢᠨ ᠲᠦᠮᠡᠨ ᠢ ᠲᠥᠯᠥᠭᠡᠯᠡᠵᠦ᠂ ᠪᠦᠭᠦ ᠳᠡᠯᠡᠬᠡᠢ ᠶᠢᠨ ᠠᠵᠢᠯᠴᠢᠨ ᠠᠩᠭᠢ ᠪᠣᠯᠣᠨ ᠥᠷᠭᠡᠨ ᠤᠯᠠᠨ ᠬᠥᠳᠡᠯᠮᠦᠷᠢᠴᠢᠨ ᠲᠦᠮᠡᠨ ᠳᠤ ᠰᠠᠶᠢᠨ ᠰᠠᠶᠢᠬᠠᠨ ᠵᠥᠩᠨᠡᠯ ᠳᠡᠪᠰᠢᠭᠦᠯᠵᠦ ᠪᠠᠶᠢᠨ᠎ᠠ︕          ᠨᠥᠬᠦᠳ ᠠ᠋᠂ ᠨᠠᠶᠢᠵᠠ ᠨᠠᠷ ᠠ᠋︕          1925 ᠣᠨ ᠤ 5 ᠰᠠᠷ᠎ᠠ ᠶᠢᠨ 1᠎ ᠤ ᠡᠳᠦᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠲᠣᠭᠲᠠᠭᠠᠯ ᠢ ᠦᠨᠳᠦᠰᠦᠯᠡᠨ᠂ ᠬᠤᠶᠠᠳᠤᠭᠠᠷ ᠤᠳᠠᠭᠠᠨ ᠤ ᠪᠦᠭᠦ ᠤᠯᠤᠰ ᠤᠨ ᠬᠥᠳᠡᠯᠮᠦᠷᠢᠴᠢᠳ ᠤᠨ ᠶᠡᠭᠡ ᠬᠤᠷᠠᠯ ᠭᠤᠸᠠᠩᠵᠧᠦ ᠳᠤ ᠡᠬᠢᠯᠡᠵᠦ᠂ ᠡᠨᠡ ᠤᠳᠠᠭᠠᠨ ᠤ ᠶᠡᠭᠡ ᠬᠤᠷᠠᠯ ᠠᠴᠠ ᠳᠤᠮᠳᠠᠳᠤ ᠶᠢᠨ ᠪᠦᠭᠦ ᠤᠯᠤᠰ ᠤᠨ ᠠᠵᠢᠯᠴᠢᠨ ᠤ ᠶᠡᠷᠦᠩᠬᠡᠢ ᠡᠪᠯᠡᠯ ᠵᠢᠩᠬᠢᠨᠢ ᠪᠠᠷ ᠪᠠᠶᠢᠭᠤᠯᠤᠭᠳᠠᠭᠰᠠᠨ ᠢ ᠲᠤᠩᠬᠠᠭᠯᠠᠭᠰᠠᠨ ᠪᠢᠯᠡ᠃ 100 ᠵᠢᠯ ᠤᠨ ᠲᠤᠷᠰᠢ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠳᠣᠣᠷ᠎ᠠ᠂ ᠳᠤᠮᠳᠠᠳᠤ ᠤᠯᠤᠰ ᠤᠨ ᠠᠵᠢᠯᠴᠢᠨ ᠤ ᠡᠪᠯᠡᠯ ᠡᠯ᠎ᠡ ᠲᠡᠦᠬᠡᠨ ᠴᠠᠭ ᠦᠶ᠎ᠡ ᠶᠢᠨ ᠨᠠᠮ ᠤᠨ ᠭᠤᠣᠯ ᠡᠭᠦᠷᠭᠡ ᠶᠢᠨ ᠲᠣᠭᠤᠷᠢᠨ ᠳᠤ᠂ ᠮᠠᠨ ᠤ ᠤᠯᠤᠰ ᠤᠨ ᠠᠵᠢᠯᠴᠢᠨ ᠠᠩᠭᠢ ᠶᠢ ᠪᠦᠯᠬᠦᠮᠳᠡᠭᠦᠯᠦᠨ ᠳᠠᠶᠢᠴᠢᠯᠠᠵᠤ ᠨᠠᠮ ᠤᠨ ᠠᠯᠬᠤᠭ᠎ᠠ ᠶᠢ ᠰᠠᠯᠤᠯ ᠦᠭᠡᠢ ᠳᠠᠭᠠᠵᠤ᠂ ᠴᠠᠭ ᠦᠶ᠎ᠡ ᠶᠢᠨ ᠡᠮᠦᠨ᠎ᠡ ᠡᠩᠨᠡᠭᠡᠨ ᠳᠤ ᠶᠠᠪᠤᠵᠤ᠂ ᠬᠤᠪᠢᠰᠬᠠᠯ᠂ ᠪᠦᠲᠦᠭᠡᠨ ᠪᠠᠶᠢᠭᠤᠯᠤᠯᠲᠠ᠂ ᠥᠭᠡᠷᠡᠴᠢᠯᠡᠯᠲᠡ ᠶᠢᠨ ᠠᠭᠤᠤ ᠶᠡᠭᠡ ᠦᠢᠯᠡᠰ ᠢ ᠠᠬᠢᠭᠤᠯᠬᠤ ᠳᠤᠮᠳᠠ ᠪᠠᠯᠠᠷᠠᠰᠢ ᠦᠭᠡᠢ ᠭᠠᠪᠢᠶ᠎ᠠ ᠪᠠᠶᠢᠭᠤᠯᠵᠤ᠂ ᠮᠠᠨ ᠤ ᠤᠯᠤᠰ ᠤᠨ ᠠᠵᠢᠯᠴᠢᠨ ᠤ ᠬᠥᠳᠡᠯᠭᠡᠭᠡᠨ ᠤ ᠢᠷᠠᠭᠤ ᠭᠠᠶᠢᠬᠠᠮᠰᠢᠭᠲᠤ ᠬᠠᠭᠤᠳᠠᠰᠤ ᠶᠢ ᠪᠢᠴᠢᠭᠯᠡᠭᠰᠡᠨ ᠪᠠᠶᠢᠨ᠎ᠠ᠃          ᠰᠢᠨ᠎ᠡ ᠠᠷᠠᠳᠴᠢᠯᠠᠭᠰᠠᠨ ᠬᠤᠪᠢᠰᠬᠠᠯ ᠤᠨ ᠴᠠᠭ ᠦᠶ᠎ᠡ ᠳᠤ᠂ ᠳᠤᠮᠳᠠᠳᠤ ᠤᠯᠤᠰ ᠤᠨ ᠠᠵᠢᠯᠴᠢᠨ ᠤ ᠡᠪᠯᠡᠯ ᠥᠷᠭᠡᠨ ᠤᠯᠠᠨ ᠠᠵᠢᠯᠴᠢᠨ ᠲᠦᠮᠡᠨ ᠢ ᠪᠦᠯᠬᠦᠮᠳᠡᠭᠦᠯᠦᠨ ᠲᠠᠶᠢᠴᠢᠯᠠᠵᠤ ᠶᠠᠭᠤᠨ ᠠᠴᠠ ᠴᠤ ᠠᠶᠤᠬᠤ ᠦᠭᠡᠢ ᠬᠤᠪᠢᠰᠬᠠᠯᠲᠤ ᠵᠣᠷᠢᠭ ᠰᠠᠨᠠᠭ᠎ᠠ ᠪᠠᠷ ᠡᠵᠡᠷᠬᠡᠭ ᠲᠦᠷᠢᠮᠡᠬᠡᠢ ᠶᠣᠰᠣ᠂ ᠹᠧᠣᠳᠠᠯ ᠶᠣᠰᠣ᠂ ᠨᠣᠶᠠᠨᠴᠢ ᠬᠥᠷᠥᠩᠭᠡᠲᠦ ᠶᠣᠰᠣ ᠶᠢ ᠡᠰᠡᠷᠭᠦᠴᠡᠬᠦ ᠬᠤᠪᠢᠰᠬᠠᠯ ᠤᠨ ᠤᠷᠤᠰᠬᠠᠯ ᠳᠤ ᠡᠷᠡᠯᠬᠡᠭ ᠪᠠᠭᠠᠲᠤᠷᠯᠢᠭ ᠢᠶᠠᠷ ᠣᠷᠣᠯᠴᠠᠵᠤ᠂ ᠡᠮᠦᠨᠡᠬᠢ ᠨᠢ ᠤᠨᠠᠪᠠᠯ ᠬᠤᠶᠢᠨᠠᠬᠢ ᠨᠢ ᠵᠠᠯᠭᠠᠮᠵᠢᠯᠠᠵᠤ᠂ ᠴᠢᠰᠤ ᠤᠷᠤᠰᠬᠠᠨ ᠪᠠᠶᠢᠯᠳᠤᠵᠤ᠂ ᠦᠨᠳᠦᠰᠦᠲᠡᠨ ᠤ ᠲᠤᠰᠠᠭᠠᠷ ᠲᠣᠭᠲᠠᠨᠢᠯ ᠪᠠ ᠠᠷᠠᠳ ᠲᠦᠮᠡᠨ ᠤ ᠴᠢᠯᠦᠭᠡᠯᠡᠯᠲᠡ ᠶᠢ ᠪᠡᠶᠡᠯᠡᠭᠦᠯᠬᠦ᠂ ᠰᠢᠨ᠎ᠡ ᠳᠤᠮᠳᠠᠳᠤ ᠤᠯᠤᠰ ᠢ ᠪᠠᠶᠢᠭᠤᠯᠬᠤ ᠳᠤ ᠴᠢᠬᠤᠯᠠ ᠬᠤᠪᠢ ᠨᠡᠮᠡᠷᠢ ᠦᠵᠡᠭᠦᠯᠪᠡ᠃          ᠨᠡᠶᠢᠭᠡᠮ ᠵᠢᠷᠤᠮᠲᠤ ᠬᠤᠪᠢᠰᠬᠠᠯ ᠪᠣᠯᠣᠨ ᠪᠦᠲᠦᠭᠡᠨ ᠪᠠᠶᠢᠭᠤᠯᠤᠯᠲᠠ ᠶᠢᠨ ᠴᠠᠭ ᠦᠶ᠎ᠡ ᠳᠤ᠂ ᠳᠤᠮᠳᠠᠳᠤ ᠤᠯᠤᠰ ᠤᠨ ᠠᠵᠢᠯᠴᠢᠨ ᠤ ᠡᠪᠯᠡᠯ ᠥᠷᠭᠡᠨ ᠤᠯᠠᠨ ᠠᠵᠢᠯᠲᠠᠨ ᠠᠵᠢᠯᠴᠢᠨ ᠲᠦᠮᠡᠨ ᠢ ᠪᠦᠯᠬᠦᠮᠳᠡᠭᠦᠯᠦᠨ ᠲᠠᠶᠢᠴᠢᠯᠠᠵᠤ ᠡᠵᠡᠨ ᠬᠥᠮᠥᠨ ᠤ ᠵᠣᠷᠢᠭ ᠰᠠᠨᠠᠭ᠎ᠠ ᠪᠣᠯᠣᠨ ᠣᠷᠭᠢᠯᠤᠮ᠎ᠠ ᠬᠠᠯᠠᠭᠤᠨ ᠰᠡᠳᠬᠢᠯᠭᠡ ᠪᠠᠷ ᠰᠢᠨ᠎ᠡ ᠳᠤᠮᠳᠠᠳᠤ ᠤᠯᠤᠰ ᠤᠨ ᠪᠦᠲᠦᠭᠡᠨ ᠪᠠᠶᠢᠭᠤᠯᠤᠯᠲᠠ ᠳᠤ ᠢᠳᠡᠪᠬᠢᠲᠡᠢ ᠣᠷᠣᠯᠴᠠᠵᠤ᠂ ᠬᠦᠴᠦᠷᠬᠡᠭᠵᠢᠬᠦ ᠪᠠᠷ ᠬᠦᠴᠦᠯᠡᠨ ᠴᠢᠷᠮᠠᠶᠢᠵᠤ᠂ ᠲᠡᠰᠪᠦᠷᠢ ᠬᠠᠲᠠᠭᠤᠵᠢᠯᠲᠠᠢ ᠪᠠᠷ ᠦᠢᠯᠡᠰ ᠪᠣᠰᠬᠠᠵᠤ᠂ ︽ᠮᠠᠨ ᠤ ᠠᠵᠢᠯᠴᠢᠨ ᠬᠦᠴᠦᠨ ᠲᠠᠢ︾ ᠭᠡᠬᠦ ᠴᠠᠭ ᠦᠶ᠎ᠡ ᠶᠢᠨ ᠬᠦᠴᠦᠷᠬᠡᠭ ᠲᠠᠭᠤᠨ ᠢ ᠬᠠᠩᠭᠢᠨᠠᠭᠤᠯᠵᠤ᠂ ᠰᠢᠨ᠎ᠡ ᠪᠠᠷ ᠮᠡᠨᠳᠦᠯᠡᠭᠰᠡᠨ ᠠᠷᠠᠳ ᠤᠨ ᠵᠠᠰᠠᠭ ᠢ ᠪᠠᠬᠢᠵᠢᠭᠦᠯᠬᠦ᠂ ᠨᠡᠶᠢᠭᠡᠮ ᠵᠢᠷᠤᠮ ᠤᠨ ᠦᠨᠳᠦᠰᠦᠨ ᠪᠠᠶᠢᠭᠤᠯᠤᠯ ᠢ ᠪᠠᠶᠢᠭᠤᠯᠬᠤ᠂ ᠨᠡᠶᠢᠭᠡᠮ ᠵᠢᠷᠤᠮ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠳᠤ ᠴᠢᠬᠤᠯᠠ ᠬᠤᠪᠢ ᠨᠡᠮᠡᠷᠢ ᠦᠵᠡᠭᠦᠯᠪᠡ᠃          ᠥᠭᠡᠷᠡᠴᠢᠯᠡᠯᠲᠡ ᠨᠡᠭᠡᠭᠡᠯᠲᠡ ᠪᠠ ᠨᠡᠶᠢᠭᠡᠮ ᠵᠢᠷᠤᠮᠲᠤ ᠣᠳᠣᠬᠢᠴᠢᠯᠠᠯᠲᠠ ᠶᠢᠨ ᠪᠦᠲᠦᠭᠡᠨ ᠪᠠᠶᠢᠭᠤᠯᠤᠯᠲᠠ ᠶᠢᠨ ᠰᠢᠨ᠎ᠡ ᠴᠠᠭ ᠦᠶ᠎ᠡ ᠳᠤ᠂ ᠳᠤᠮᠳᠠᠳᠤ ᠤᠯᠤᠰ ᠤᠨ ᠠᠵᠢᠯᠴᠢᠨ ᠤ ᠡᠪᠯᠡᠯ ᠥᠷᠭᠡᠨ ᠤᠯᠠᠨ ᠠᠵᠢᠯᠲᠠᠨ ᠠᠵᠢᠯᠴᠢᠨ ᠲᠦᠮᠡᠨ ᠢ ᠪᠦᠯᠬᠦᠮᠳᠡᠭᠦᠯᠦᠨ ᠳᠠᠶᠢᠴᠢᠯᠠᠵᠤ ᠭᠤᠣᠯ ᠬᠦᠴᠦᠨ ᠴᠡᠷᠢᠭ ᠤᠨ ᠡᠭᠦᠷᠭᠡ ᠬᠠᠷᠢᠭᠤᠴᠠᠯᠭ᠎ᠠ ᠪᠠᠷ ᠥᠭᠡᠷᠡᠴᠢᠯᠡᠯᠲᠡ ᠨᠡᠭᠡᠭᠡᠯᠲᠡ ᠳᠤ ᠢᠳᠡᠪᠬᠢᠲᠡᠢ ᠣᠷᠣᠯᠴᠠᠵᠤ᠂ ᠡᠷᠡᠰ ᠰᠢᠭᠤᠷᠬᠠᠢ ᠪᠠᠷ ᠤᠷᠤᠭᠰᠢᠯᠠᠨ ᠳᠠᠪᠰᠢᠵᠤ᠂ ᠳᠤᠷᠠᠲᠠᠶ᠎ᠠ ᠬᠤᠪᠢ ᠨᠡᠮᠡᠷᠢ ᠦᠵᠡᠭᠦᠯᠦᠨ᠂ ᠨᠡᠶᠢᠭᠡᠮ ᠤᠨ ᠦᠢᠯᠡᠳᠪᠦᠷᠢᠯᠡᠯ ᠤᠨ ᠬᠦᠴᠦᠨ ᠢ ᠴᠢᠯᠦᠭᠡᠯᠡᠨ ᠬᠥᠭᠵᠢᠭᠦᠯᠬᠦ᠂ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠢ ᠪᠦᠲᠦᠭᠡᠨ ᠪᠠᠶᠢᠭᠤᠯᠬᠤ ᠳᠤ ᠴᠢᠬᠤᠯᠠ ᠬᠤᠪᠢ ᠨᠡᠮᠡᠷᠢ ᠦᠵᠡᠭᠦᠯᠪᠡ᠃          ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠨᠠᠮ ᠤᠨ ᠲᠥᠪ ᠬᠤᠷᠢᠶ᠎ᠠ ᠠᠵᠢᠯᠴᠢᠨ ᠠᠩᠭᠢ ᠪᠣᠯᠣᠨ ᠠᠵᠢᠯᠴᠢᠨ ᠤ ᠡᠪᠯᠡᠯ ᠤᠨ ᠠᠵᠢᠯ ᠤᠨ ᠲᠤᠬᠠᠢ ᠠᠯᠢ ᠤᠯᠠᠨ ᠴᠢᠬᠤᠯᠠ ᠥᠭᠦᠯᠡᠯᠲᠡ ᠬᠢᠵᠦ᠂ ᠠᠯᠢ ᠤᠯᠠᠨ ᠴᠢᠬᠤᠯᠠ ᠠᠵᠢᠯ ᠢ ᠪᠠᠶᠢᠷᠢᠯᠠᠭᠤᠯᠤᠨ ᠠᠬᠢᠭᠤᠯᠵᠤ᠂ ᠠᠯᠢ ᠤᠯᠠᠨ ᠴᠢᠭᠯᠡᠭᠦᠯᠦᠯᠲᠦ ᠴᠢᠨᠠᠷᠲᠠᠢ᠂ ᠦᠨᠳᠦᠰᠦᠨ ᠴᠢᠨᠠᠷᠲᠠᠢ᠂ ᠪᠠᠶᠢᠯᠳᠤᠬᠤ ᠪᠣᠳᠣᠯᠭ᠎ᠠ ᠶᠢᠨ ᠴᠢᠨᠠᠷᠲᠠᠢ ᠠᠰᠠᠭᠤᠳᠠᠯ ᠢ ᠭᠦᠨᠵᠡᠭᠡᠢ ᠬᠠᠷᠢᠭᠤᠯᠵᠤ᠂ ᠨᠠᠮ ᠤᠨ ᠠᠵᠢᠯᠴᠢᠨ ᠤ ᠬᠥᠳᠡᠯᠭᠡᠭᠡᠨ ᠤ ᠤᠨᠤᠯ ᠢ ᠤᠯᠠᠮ ᠪᠠᠶᠠᠯᠢᠭᠵᠢᠭᠤᠯᠤᠨ ᠬᠥᠭᠵᠢᠭᠦᠯᠵᠦ᠂ ᠨᠠᠮ ᠤᠨ ᠠᠵᠢᠯᠴᠢᠨ ᠤ ᠬᠥᠳᠡᠯᠭᠡᠭᠡᠨ ᠤ ᠦᠢᠯᠡᠰ ᠤᠨ ᠲᠡᠦᠬᠡᠲᠦ ᠴᠢᠨᠠᠷᠲᠠᠢ ᠠᠮᠵᠢᠯᠲᠠ ᠣᠯᠬᠤ᠂ ᠪᠦᠭᠦ ᠲᠠᠯ᠎ᠠ ᠶᠢᠨ ᠲᠠᠪᠰᠢᠯᠳᠠ ᠶᠢ ᠪᠡᠶᠡᠯᠡᠭᠦᠯᠬᠦ ᠶᠢ ᠠᠬᠢᠭᠤᠯᠪᠠ᠃ ᠳᠤᠮᠳᠠᠳᠤ ᠤᠯᠤᠰ ᠤᠨ ᠠᠵᠢᠯᠴᠢᠨ ᠤ ᠡᠪᠯᠡᠯ ᠥᠷᠭᠡᠨ ᠣᠯᠠᠨ ᠠᠵᠢᠯᠲᠠᠨ ᠠᠵᠢᠯᠴᠢᠨ ᠲᠦᠮᠡᠨ ᠢ ᠪᠦᠯᠬᠦᠮᠳᠡᠭᠦᠯᠦᠨ ᠳᠠᠶᠢᠴᠢᠯᠠᠵᠤ ᠲᠡᠮᠡᠴᠡᠭᠴᠢ ᠶᠢᠨ ᠣᠪᠣᠷ ᠪᠠᠶᠢᠳᠠᠯ ᠢᠶᠠᠷ᠂ ᠢᠲᠡᠭᠡᠯ ᠲᠡᠭᠦᠯᠳᠡᠷ ᠢᠶᠠᠷ ᠥᠪᠡᠷ ᠢ ᠪᠠᠨ ᠬᠦᠴᠦᠷᠬᠡᠭᠵᠢᠭᠦᠯᠵᠦ᠂ ᠬᠦᠨᠳᠦ ᠡᠭᠦᠷᠭᠡ ᠶᠢ ᠵᠣᠷᠢᠭᠲᠠᠢ ᠡᠭᠦᠷᠭᠡᠯᠡᠨ᠂ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠠᠭᠤᠤ ᠶᠡᠭᠡ ᠦᠢᠯᠡᠳᠦᠯᠭᠡ ᠳᠤᠮᠳᠠ ᠡᠷᠳᠡᠮ ᠴᠢᠳᠠᠪᠤᠷᠢ ᠪᠠᠨ ᠶᠡᠭᠡ ᠪᠠᠷ ᠪᠠᠳᠠᠷᠠᠭᠤᠯᠵᠤ᠂ ᠲᠣᠭᠲᠠᠭᠰᠠᠨ ᠬᠤᠭᠤᠴᠠᠭᠠᠨ ᠳᠤ ᠴᠢᠨᠡᠭᠡᠯᠢᠭ ᠨᠡᠶᠢᠭᠡᠮ ᠢ ᠪᠦᠭᠦ ᠲᠠᠯ᠎ᠠ ᠪᠠᠷ ᠪᠠᠶᠢᠭᠤᠯᠤᠨ ᠪᠦᠲᠦᠭᠡᠬᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠠᠬᠢᠭᠤᠯᠬᠤ ᠳᠤ ᠴᠢᠬᠤᠯᠠ ᠬᠤᠪᠢ ᠨᠡᠮᠡᠷᠢ ᠦᠵᠡᠭᠦᠯᠪᠡ᠃          ᠳᠤᠮᠳᠠᠳᠤ ᠶᠢᠨ ᠪᠦᠭᠦ ᠤᠯᠤᠰ ᠤᠨ ᠠᠵᠢᠯᠴᠢᠨ ᠤ ᠶᠡᠷᠦᠩᠬᠡᠢ ᠡᠪᠯᠡᠯ ᠪᠠᠶᠢᠭᠤᠯᠤᠭᠳᠠᠭᠰᠠᠨ ᠠᠴᠠ ᠨᠠᠭᠠᠰᠢᠬᠢ 100 ᠵᠢᠯ ᠪᠣᠯ ᠮᠠᠷᠺᠰ ᠤᠨ ᠦᠵᠡᠯ ᠤᠨ ᠠᠵᠢᠯᠴᠢᠨ ᠤ ᠬᠥᠳᠡᠯᠭᠡᠭᠡᠨ ᠤ ᠤᠨᠤᠯ ᠢ ᠳᠤᠮᠳᠠᠳᠤ ᠤᠯᠤᠰ ᠤᠨ ᠠᠵᠢᠯᠴᠢᠨ ᠤ ᠬᠥᠳᠡᠯᠭᠡᠭᠡᠨ ᠤ ᠪᠣᠳᠠᠲᠤ ᠪᠠᠶᠢᠳᠠᠯ ᠲᠠᠢ ᠤᠶᠠᠯᠳᠤᠭᠤᠯᠤᠭᠰᠠᠨ 100 ᠵᠢᠯ ᠮᠥᠨ᠂ ᠮᠠᠨ ᠤ ᠤᠯᠤᠰ ᠤᠨ ᠠᠵᠢᠯᠴᠢᠨ ᠠᠩᠭᠢ ᠪᠠ ᠠᠵᠢᠯᠴᠢᠨ ᠤ ᠡᠪᠯᠡᠯ ᠤᠨ ᠵᠣᠬᠢᠶᠠᠨ ᠪᠠᠶᠢᠭᠤᠯᠤᠯᠲᠠ ᠭᠤᠶᠢᠪᠢᠰᠢ ᠦᠭᠡᠢ ᠨᠠᠮ ᠢᠶᠠᠨ ᠲᠠᠭᠠᠵᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠶᠢᠨ ᠲᠥᠯᠥᠭᠡ ᠪᠦᠯᠬᠦᠮᠳᠡᠨ ᠲᠡᠮᠡᠴᠡᠭᠰᠡᠨ 100 ᠵᠢᠯ ᠮᠥᠨ᠃ ᠮᠠᠨ ᠤ ᠤᠯᠤᠰ ᠤᠨ ᠠᠵᠢᠯᠴᠢᠨ ᠠᠩᠭᠢ ᠪᠣᠯ ᠨᠡᠷ᠎ᠡ ᠨᠢᠳᠡᠷ ᠲᠡᠭᠡᠨ ᠲᠡᠩᠴᠡᠭᠰᠡᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠠᠮᠤᠭ ᠤᠨ ᠪᠠᠲᠤ ᠪᠠᠬᠢ ᠬᠠᠮᠤᠭ ᠤᠨ ᠨᠠᠶᠢᠳᠠᠪᠤᠷᠢᠲᠠᠢ ᠠᠩᠭᠢ ᠶᠢᠨ ᠰᠠᠭᠤᠷᠢ ᠮᠥᠨ᠂ ᠨᠡᠷ᠎ᠡ ᠨᠢᠳᠡᠷ ᠲᠡᠭᠡᠨ ᠲᠡᠩᠴᠡᠭᠰᠡᠨ ᠮᠠᠨ ᠤ ᠨᠡᠶᠢᠭᠡᠮ ᠵᠢᠷᠤᠮᠲᠤ ᠤᠯᠤᠰ ᠤᠨ ᠤᠳᠤᠷᠢᠳᠬᠤ ᠠᠩᠭᠢ ᠮᠥᠨ᠂ ᠨᠡᠷ᠎ᠡ ᠨᠢᠳᠡᠷ ᠲᠡᠭᠡᠨ ᠲᠡᠩᠴᠡᠭᠰᠡᠨ ᠲᠡᠷᠢᠭᠦᠨ ᠤ ᠦᠢᠯᠡᠳᠪᠦᠷᠢᠯᠡᠯ ᠤᠨ ᠬᠦᠴᠦᠨ ᠪᠠ ᠦᠢᠯᠡᠳᠪᠦᠷᠢᠯᠡᠯ ᠤᠨ ᠬᠠᠷᠢᠴᠠᠭᠠᠨ ᠤ ᠲᠥᠯᠥᠭᠡᠯᠡᠭᠴᠢ ᠮᠥᠨ᠂ ᠨᠡᠷ᠎ᠡ ᠨᠢᠳᠡᠷ ᠲᠡᠭᠡᠨ ᠲᠡᠩᠴᠡᠭᠰᠡᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠢ ᠪᠠᠷᠢᠮᠲᠠᠯᠠᠨ ᠬᠥᠭᠵᠢᠭᠦᠯᠬᠦ ᠭᠤᠣᠯ ᠬᠦᠴᠦᠨ ᠮᠥᠨ ᠭᠡᠳᠡᠭ ᠢ ᠦᠢᠯᠡᠳᠦᠯᠭᠡ ᠭᠦᠢᠴᠡᠳ ᠭᠡᠷᠡᠴᠢᠯᠡᠵᠡᠢ᠃ ᠮᠠᠨ ᠤ ᠤᠯᠤᠰ ᠤᠨ ᠠᠵᠢᠯᠴᠢᠨ ᠤ ᠡᠪᠯᠡᠯ ᠪᠣᠯ ᠨᠡᠷ᠎ᠡ ᠨᠢᠳᠡᠷ ᠲᠡᠭᠡᠨ ᠲᠡᠩᠴᠡᠭᠰᠡᠨ ᠨᠠᠮ ᠠᠴᠠ ᠠᠵᠢᠯᠲᠠᠨ ᠠᠵᠢᠯᠴᠢᠨ ᠲᠦᠮᠡᠨ ᠲᠠᠢ ᠬᠠᠷᠢᠯᠴᠠᠬᠤ ᠬᠥᠭᠦᠷᠭᠡ ᠪᠠ ᠬᠤᠯᠪᠣᠭᠠᠰᠤ ᠮᠥᠨ᠂ ᠨᠡᠷ᠎ᠡ ᠨᠢᠳᠡᠷ ᠲᠡᠭᠡᠨ ᠲᠡᠩᠴᠡᠭᠰᠡᠨ ᠨᠡᠶᠢᠭᠡᠮ ᠵᠢᠷᠤᠮᠲᠤ ᠲᠦᠷᠦ ᠶᠢᠨ ᠡᠷᠬᠡ ᠶᠢᠨ ᠨᠡᠶᠢᠭᠡᠮ ᠤᠨ ᠴᠢᠬᠤᠯᠠ ᠲᠤᠯᠭᠠᠭᠤᠷᠢ ᠮᠥᠨ᠂ ᠨᠡᠷ᠎ᠡ ᠨᠢᠳᠡᠷ ᠲᠡᠭᠡᠨ ᠲᠡᠩᠴᠡᠭᠰᠡᠨ ᠠᠵᠢᠯᠲᠠᠨ ᠠᠵᠢᠯᠴᠢᠨ ᠤ ᠠᠰᠢᠭ ᠲᠤᠰᠠ ᠶᠢᠨ ᠲᠥᠯᠥᠭᠡᠯᠡᠭᠴᠢ ᠪᠠ ᠬᠠᠮᠠᠭᠠᠯᠠᠭᠴᠢ ᠮᠥᠨ᠃ ᠴᠠᠭ ᠦᠶ᠎ᠡ ᠶᠢᠨ ᠨᠥᠬᠦᠴᠡᠯ ᠪᠠ ᠨᠡᠶᠢᠭᠡᠮ ᠤᠨ ᠪᠦᠯᠭᠦᠮ ᠴᠣᠭᠴᠠ ᠬᠡᠷᠬᠢᠨ ᠬᠥᠭᠵᠢᠨ ᠬᠤᠪᠢᠷᠠᠭᠰᠠᠨ ᠴᠤ ᠮᠠᠨ ᠤ ᠤᠯᠤᠰ ᠤᠨ ᠠᠵᠢᠯᠴᠢᠨ ᠠᠩᠭᠢ ᠶᠢᠨ ᠪᠠᠶᠢᠷᠢ ᠰᠠᠭᠤᠷᠢ ᠪᠠ ᠦᠢᠯᠡᠳᠦᠯ ᠢ ᠭᠤᠶᠢᠪᠢᠯᠵᠠᠭᠤᠯᠵᠤ ᠪᠤᠯᠬᠤ ᠦᠭᠡᠢ᠂ ᠪᠦᠭᠦ ᠰᠡᠳᠬᠢᠯ ᠪᠦᠭᠦ ᠵᠣᠷᠢᠭ ᠢᠶᠠᠷ ᠢᠶᠠᠨ ᠠᠵᠢᠯᠴᠢᠨ ᠠᠩᠭᠢ ᠳᠤ ᠲᠦᠰᠢᠭᠯᠡᠬᠦ ᠦᠨᠳᠦᠰᠦᠨ ᠴᠢᠭᠯᠡᠯᠲᠡ ᠶᠢ ᠭᠤᠶᠢᠪᠢᠯᠵᠠᠭᠤᠯᠵᠤ ᠪᠤᠯᠬᠤ ᠦᠭᠡᠢ᠂ ᠮᠠᠨ ᠤ ᠤᠯᠤᠰ ᠤᠨ ᠠᠵᠢᠯᠴᠢᠨ ᠤ ᠡᠪᠯᠡᠯ ᠤᠨ ᠰᠢᠨᠵᠢ ᠴᠢᠨᠠᠷ ᠪᠠ ᠡᠭᠦᠷᠭᠡ ᠴᠢᠳᠠᠪᠬᠢ ᠶᠢ ᠭᠤᠶᠢᠪᠢᠯᠵᠠᠭᠤᠯᠵᠤ ᠪᠤᠯᠬᠤ ᠦᠭᠡᠢ ᠶᠤᠮ᠃         100 ᠵᠢᠯ ᠤᠨ ᠲᠤᠷᠰᠢ᠂ ᠨᠠᠮ ᠤᠨ ᠠᠵᠢᠯᠴᠢᠨ ᠤ ᠬᠥᠳᠡᠯᠭᠡᠭᠡᠨ ᠤ ᠦᠢᠯᠡᠰ ᠤᠨ ᠤᠨᠤᠯ ᠤᠨ ᠰᠢᠨ᠎ᠡ ᠡᠭᠦᠳᠦᠯᠲᠡ ᠪᠠ ᠦᠢᠯᠡᠳᠦᠯᠭᠡ ᠶᠢᠨ ᠬᠥᠭᠵᠢᠯᠲᠡ ᠶᠢᠨ ᠬᠠᠮᠤᠭ ᠤᠨ ᠴᠢᠬᠤᠯᠠ ᠦᠷ᠎ᠡ ᠪᠦᠲᠦᠭᠡᠯ ᠪᠣᠯ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠠᠵᠢᠯᠴᠢᠨ ᠤ ᠡᠪᠯᠡᠯ ᠤᠨ ᠬᠥᠭᠵᠢᠯᠲᠡ ᠶᠢᠨ ᠵᠠᠮ ᠢ ᠪᠦᠷᠢᠯᠳᠦᠭᠦᠯᠦᠭᠰᠡᠨ ᠶᠠᠪᠤᠳᠠᠯ ᠪᠣᠯᠣᠨ᠎ᠠ᠃ ᠡᠨᠡ ᠬᠦ ᠵᠠᠮ ᠨᠢ ᠠᠵᠢᠯᠴᠢᠨ ᠤ ᠬᠥᠳᠡᠯᠭᠡᠭᠡᠨ ᠤ ᠦᠢᠯᠡᠰ ᠪᠠ ᠠᠵᠢᠯᠴᠢᠨ ᠤ ᠡᠪᠯᠡᠯ ᠤᠨ ᠠᠵᠢᠯ ᠳᠠᠬᠢ ᠨᠠᠮ ᠤᠨ ᠪᠦᠭᠦ ᠲᠠᠯ᠎ᠠ ᠶᠢᠨ ᠤᠳᠤᠷᠢᠳᠤᠯᠭ᠎ᠠ ᠶᠢ ᠪᠠᠷᠢᠮᠲᠠᠯᠠᠵᠤ᠂ ᠠᠵᠢᠯᠴᠢᠨ ᠤ ᠬᠥᠳᠡᠯᠭᠡᠭᠡᠨ ᠤ ᠢᠮᠠᠭᠲᠠ ᠵᠥᠪ ᠴᠢᠭᠯᠡᠯ ᠢᠶᠠᠷ ᠤᠷᠤᠭᠰᠢᠯᠠᠬᠤ ᠶᠢ ᠦᠨᠡᠨ ᠬᠦ ᠪᠠᠲᠤᠯᠠᠪᠠ︔ ᠪᠦᠭᠦ ᠰᠡᠳᠬᠢᠯ ᠪᠦᠭᠦ ᠵᠣᠷᠢᠭ ᠢᠶᠠᠷ ᠢᠶᠠᠨ ᠠᠵᠢᠯᠴᠢᠨ ᠠᠩᠭᠢ ᠳᠤ ᠲᠦᠰᠢᠭᠯᠡᠬᠦ ᠦᠨᠳᠦᠰᠦᠨ ᠴᠢᠭᠯᠡᠯᠲᠡ ᠶᠢ ᠪᠠᠷᠢᠮᠲᠠᠯᠠᠵᠤ᠂ ᠠᠵᠢᠯᠴᠢᠨ ᠠᠩᠭᠢ ᠶᠢᠨ ᠭᠤᠣᠯ ᠬᠦᠴᠦᠨ ᠤ ᠦᠢᠯᠡᠳᠦᠯ ᠢ ᠭᠦᠢᠴᠡᠳ ᠪᠠᠳᠠᠷᠠᠭᠤᠯᠪᠠ︔ ᠨᠠᠮ ᠤᠨ ᠭᠤᠣᠯ ᠡᠭᠦᠷᠭᠡ ᠶᠢ ᠳᠠᠭᠠᠬᠤ ᠪᠠ ᠲᠡᠭᠦᠨ ᠳᠤ ᠦᠢᠯᠡᠴᠢᠯᠡᠬᠦ ᠶᠢ ᠪᠠᠷᠢᠮᠲᠠᠯᠠᠵᠤ᠂ ᠠᠵᠢᠯᠴᠢᠨ ᠤ ᠬᠥᠳᠡᠯᠭᠡᠭᠡᠨ ᠪᠠ ᠠᠵᠢᠯᠴᠢᠨ ᠤ ᠡᠪᠯᠡᠯ ᠤᠨ ᠠᠵᠢᠯ ᠢ ᠤᠬᠠᠮᠰᠠᠷ ᠠᠴᠠ ᠪᠠᠨ ᠶᠡᠭᠡ ᠲᠠᠯ᠎ᠠ ᠶᠢᠨ ᠳᠣᠣᠷ᠎ᠠ ᠠᠵᠢᠯᠯᠠᠭᠤᠯᠪᠠ︔ ᠠᠵᠢᠯᠴᠢᠨ ᠤ ᠡᠪᠯᠡᠯ ᠤᠨ ᠵᠣᠬᠢᠶᠠᠨ ᠪᠠᠶᠢᠭᠤᠯᠤᠯᠲᠠ ᠶᠢᠨ ᠤᠯᠤᠰ ᠲᠥᠷᠥᠴᠢ ᠴᠢᠨᠠᠷ᠂ ᠲᠡᠷᠢᠭᠦᠨ ᠤ ᠴᠢᠨᠠᠷ᠂ ᠤᠯᠠᠨ ᠲᠦᠮᠡᠨᠴᠢ ᠴᠢᠨᠠᠷ ᠢ ᠪᠠᠷᠢᠮᠲᠠᠯᠠᠵᠤ᠂ ᠨᠠᠮ ᠤᠨ ᠠᠵᠢᠯᠲᠠᠨ ᠠᠵᠢᠯᠴᠢᠨ ᠲᠦᠮᠡᠨ ᠲᠠᠢ ᠬᠠᠷᠢᠯᠴᠠᠬᠤ ᠬᠥᠭᠦᠷᠭᠡ ᠬᠤᠯᠪᠣᠭᠠᠰᠤ ᠶᠢᠨ ᠦᠢᠯᠡᠳᠦᠯ ᠢ ᠭᠦᠢᠴᠡᠳ ᠪᠠᠳᠠᠷᠠᠭᠤᠯᠪᠠ︔ ᠠᠵᠢᠯᠲᠠᠨ ᠠᠵᠢᠯᠴᠢᠨ ᠲᠦᠮᠡᠨ ᠳᠤ ᠦᠢᠯᠡᠴᠢᠯᠡᠬᠦ ᠪᠠᠷ ᠠᠮᠢ ᠨᠠᠰᠤᠨ ᠤ ᠱᠤᠭᠤᠮ ᠪᠤᠯᠭᠠᠬᠤ ᠶᠢ ᠪᠠᠷᠢᠮᠲᠠᠯᠠᠵᠤ᠂ ᠠᠵᠢᠯᠲᠠᠨ ᠠᠵᠢᠯᠴᠢᠨ ᠤ ᠬᠠᠤᠯᠢ ᠶᠣᠰᠣᠨ ᠤ ᠡᠷᠬᠡ ᠠᠰᠢᠭ ᠢ ᠦᠨᠡᠨ ᠬᠦ ᠬᠠᠮᠠᠭᠠᠯᠠᠵᠤ᠂ ᠠᠵᠢᠯᠲᠠᠨ ᠠᠵᠢᠯᠴᠢᠨ ᠤ ᠪᠦᠭᠦ ᠲᠠᠯ᠎ᠠ ᠶᠢᠨ ᠬᠥᠭᠵᠢᠯᠲᠡ ᠶᠢ ᠠᠬᠢᠭᠤᠯᠪᠠ︔ ᠬᠠᠤᠯᠢ ᠶᠣᠰᠣᠭᠠᠷ ᠳᠦᠷᠢᠮ ᠶᠣᠰᠣᠭᠠᠷ ᠠᠵᠢᠯ ᠢᠶᠠᠨ ᠥᠷᠨᠢᠭᠦᠯᠬᠦ ᠶᠢ ᠪᠠᠷᠢᠮᠲᠠᠯᠠᠵᠤ᠂ ᠠᠵᠢᠯᠴᠢᠨ ᠤ ᠡᠪᠯᠡᠯ ᠤᠨ ᠵᠣᠬᠢᠶᠠᠨ ᠪᠠᠶᠢᠭᠤᠯᠤᠯᠲᠠ ᠪᠠ ᠠᠵᠢᠯᠴᠢᠨ ᠤ ᠡᠪᠯᠡᠯ ᠤᠨ ᠠᠵᠢᠯ ᠤᠨ ᠲᠥᠪ ᠶᠣᠰᠣ ᠶᠢ ᠰᠠᠬᠢᠨ ᠰᠢᠨ᠎ᠡ ᠶᠢ ᠡᠭᠦᠳᠬᠦ ᠳᠤᠮᠳᠠ ᠠᠮᠢᠵᠢᠷᠠᠯ ᠤᠨ ᠬᠦᠴᠦᠨ ᠢᠶᠠᠨ ᠲᠠᠰᠤᠷᠠᠯᠳᠠ ᠦᠭᠡᠢ ᠨᠡᠮᠡᠭᠳᠡᠭᠦᠯᠬᠦ ᠶᠢ ᠠᠬᠢᠭᠤᠯᠪᠠ᠃ ᠡᠳᠡᠭᠡᠷ ᠪᠣᠯ ᠴᠥᠮ 100 ᠵᠢᠯ ᠤᠨ ᠲᠤᠷᠰᠢᠬᠢ ᠨᠠᠮ ᠠᠴᠠ ᠠᠵᠢᠯᠴᠢᠨ ᠤ ᠬᠥᠳᠡᠯᠭᠡᠭᠡᠨ ᠤ ᠦᠢᠯᠡᠰ ᠪᠠ ᠠᠵᠢᠯᠴᠢᠨ ᠤ ᠡᠪᠯᠡᠯ ᠤᠨ ᠠᠵᠢᠯ ᠢ ᠤᠳᠤᠷᠢᠳᠤᠭᠰᠠᠨ ᠡᠷᠬᠢᠮ ᠨᠠᠨᠳᠢᠨ ᠲᠤᠷᠰᠢᠯᠭ᠎ᠠ ᠶᠢᠨ ᠭᠦᠨᠵᠡᠭᠡᠢ ᠳ᠋ᠦᠩᠨᠡᠯᠲᠡ ᠮᠥᠨ᠂ ᠡᠷᠬᠡᠪᠰᠢ ᠤᠷᠳᠤ ᠬᠤᠭᠤᠴᠠᠭ᠎ᠠ ᠪᠠᠷᠢᠮᠲᠠᠯᠠᠬᠤ ᠬᠡᠷᠡᠭᠲᠡᠢ᠃          ᠨᠥᠬᠦᠳ ᠠ᠋᠂ ᠨᠠᠶᠢᠵᠠ ᠨᠠᠷ ᠠ᠋︕          ᠨᠠᠮ ᠤᠨ ᠬᠤᠷᠢᠳᠤᠭᠠᠷ ᠶᠡᠭᠡ ᠬᠤᠷᠠᠯ ᠠᠴᠠ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ ᠬᠦᠴᠦᠷᠬᠡᠭ ᠤᠯᠤᠰ ᠤᠨ ᠪᠦᠲᠦᠭᠡᠨ ᠪᠠᠶᠢᠭᠤᠯᠤᠯᠲᠠ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠭᠤᠤ ᠦᠢᠯᠡᠰ ᠢ ᠪᠦᠭᠦ ᠲᠠᠯ᠎ᠠ ᠪᠠᠷ ᠠᠬᠢᠭᠤᠯᠬᠤ ᠭᠤᠣᠯ ᠡᠭᠦᠷᠭᠡ ᠶᠢ ᠲᠣᠳᠣᠷᠬᠠᠶᠢᠯᠠᠪᠠ᠃ ᠡᠨᠡ ᠬᠦ ᠭᠤᠣᠯ ᠡᠭᠦᠷᠭᠡ ᠪᠣᠯ ᠮᠠᠨ ᠤ ᠤᠯᠤᠰ ᠤᠨ ᠠᠵᠢᠯᠴᠢᠨ ᠤ ᠬᠥᠳᠡᠯᠭᠡᠭᠡᠨ ᠤ ᠴᠠᠭ ᠦᠶ᠎ᠡ ᠶᠢᠨ ᠭᠤᠣᠯ ᠰᠡᠳᠦᠪ ᠮᠥᠨ᠃ ᠰᠢᠨ᠎ᠡ ᠴᠠᠭ ᠦᠶ᠎ᠡ ᠰᠢᠨ᠎ᠡ ᠠᠶᠠᠨ ᠳᠤ᠂ ᠡᠷᠬᠡᠪᠰᠢ ᠨᠠᠮ ᠤᠨ ᠭᠤᠣᠯ ᠡᠭᠦᠷᠭᠡ ᠶᠢᠨ ᠲᠣᠭᠤᠷᠢᠨ ᠳᠤ ᠠᠵᠢᠯᠴᠢᠨ ᠠᠩᠭᠢ ᠪᠣᠯᠣᠨ ᠥᠷᠭᠡᠨ ᠤᠯᠠᠨ ᠬᠥᠳᠡᠯᠮᠦᠷᠢᠴᠢᠨ ᠲᠦᠮᠡᠨ ᠤ ᠰᠦᠷ ᠳᠠᠯᠠᠶᠢᠴᠠᠲᠠᠢ ᠬᠦᠴᠦᠨ ᠢ ᠨᠢᠭᠲᠠᠷᠠᠭᠤᠯᠬᠤ ᠬᠡᠷᠡᠭᠲᠡᠢ᠃          ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤ ᠠᠩᠬᠠᠷᠤᠯ ᠢᠶᠠᠨ ᠲᠥᠪᠯᠡᠷᠡᠭᠦᠯᠵᠦ᠂ ᠥᠷᠭᠡᠨ ᠤᠯᠠᠨ ᠠᠵᠢᠯᠲᠠᠨ ᠠᠵᠢᠯᠴᠢᠨ ᠪᠣᠯᠣᠨ ᠬᠥᠳᠡᠯᠮᠦᠷᠢᠴᠢᠨ ᠲᠦᠮᠡᠨ ᠤ ᠭᠠᠪᠢᠶ᠎ᠠ ᠪᠠᠶᠢᠭᠤᠯᠵᠤ ᠦᠢᠯᠡᠰ ᠪᠣᠰᠬᠠᠬᠤ᠂ ᠰᠢᠨ᠎ᠡ ᠶᠢ ᠡᠭᠦᠳᠴᠦ ᠡᠭᠦᠳᠦᠨ ᠪᠦᠲᠦᠭᠡᠬᠦ ᠶᠢ ᠲᠠᠶᠢᠴᠢᠯᠠᠨ ᠵᠣᠷᠢᠭᠵᠢᠭᠤᠯᠬᠤ ᠬᠡᠷᠡᠭᠲᠡᠢ᠃ ᠴᠢᠨᠠᠷ ᠰᠠᠶᠢᠲᠠᠢ ᠬᠥᠭᠵᠢᠯᠲᠡ ᠨᠢ ᠴᠢᠨᠠᠷ ᠰᠠᠶᠢᠲᠠᠢ ᠭᠦᠳᠡᠯᠮᠦᠷᠢ ᠶᠢᠨ ᠡᠭᠦᠳᠦᠯᠲᠡ ᠠᠴᠠ ᠰᠠᠯᠵᠤ ᠴᠢᠳᠠᠬᠤ ᠦᠭᠡᠢ᠃ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠢ ᠬᠥᠭᠵᠢᠭᠦᠯᠬᠦ ᠲᠠᠢ ᠤᠶᠠᠯᠳᠤᠭᠤᠯᠵᠤ᠂ ᠰᠢᠨ᠎ᠡ ᠬᠥᠭᠵᠢᠯᠲᠡ ᠶᠢᠨ ᠣᠶᠢᠯᠠᠭᠠᠭᠳᠠᠬᠤᠨ ᠢ ᠭᠦᠨᠵᠡᠭᠡᠢ ᠲᠤᠭᠤᠰᠢᠯᠠᠭᠤᠯᠵᠤ᠂ ᠭᠠᠪᠢᠶ᠎ᠠ ᠪᠠᠶᠢᠭᠤᠯᠵᠤ ᠦᠢᠯᠡᠰ ᠪᠣᠰᠬᠠᠬᠤ ᠪᠠ ᠤᠯᠠᠨ ᠲᠦᠮᠡᠨᠴᠢ ᠴᠢᠨᠠᠷᠲᠠᠢ ᠰᠢᠨ᠎ᠡ ᠶᠢ ᠡᠭᠦᠳᠴᠦ ᠡᠭᠦᠳᠦᠨ ᠪᠦᠲᠦᠭᠡᠬᠦ ᠡᠯ᠎ᠡ ᠵᠦᠢᠯ ᠤᠨ ᠠᠵᠢᠯᠯᠠᠭ᠎ᠠ ᠶᠢ ᠥᠷᠭᠡᠨ ᠢᠶᠠᠷ ᠥᠷᠨᠢᠭᠦᠯᠵᠦ᠂ ᠥᠷᠭᠡᠨ ᠤᠯᠠᠨ ᠬᠥᠳᠡᠯᠮᠦᠷᠢᠴᠢᠳ ᠤᠨ ᠲᠤᠬᠠᠶᠢᠯᠠᠭᠰᠠᠨ ᠠᠵᠢᠯ ᠤᠨ ᠪᠠᠶᠢᠷᠢ ᠳᠠᠭᠠᠨ ᠬᠥᠯ ᠲᠣᠭᠲᠠᠬᠤ ᠶᠢ ᠵᠣᠬᠢᠶᠠᠨ ᠪᠠᠶᠢᠭᠤᠯᠵᠤ ᠬᠥᠲᠥᠯᠥᠨ ᠵᠢᠯᠤᠭᠤᠳᠴᠤ᠂ ᠤᠯᠠᠮᠵᠢᠯᠠᠯᠲᠤ ᠠᠵᠤ ᠦᠢᠯᠡᠰ ᠤᠨ ᠭᠡᠯᠪᠡᠷᠢ ᠶᠢ ᠬᠤᠪᠢᠷᠠᠭᠤᠯᠤᠨ ᠲᠡᠰ ᠳᠡᠪᠰᠢᠭᠦᠯᠬᠦ ᠳᠤᠮᠳᠠ ᠬᠦᠴᠢᠷ ᠢ ᠲᠤᠭᠤᠯᠤᠨ ᠪᠡᠷᠬᠡ ᠶᠢ ᠳᠠᠪᠠᠵᠤ᠂ ᠰᠢᠨ᠎ᠡ ᠪᠠᠷ ᠮᠠᠨᠳᠤᠭᠰᠠᠨ ᠠᠵᠤ ᠦᠢᠯᠡᠰ ᠢ ᠬᠥᠭᠵᠢᠭᠦᠯᠦᠨ ᠪᠤᠵᠠᠭᠠᠶᠢᠷᠠᠭᠤᠯᠬᠤ ᠳᠤᠮᠳᠠ ᠵᠠᠮ ᠨᠡᠭᠡᠭᠡᠨ ᠤᠷᠤᠭᠰᠢᠯᠠᠵᠤ᠂ ᠢᠷᠡᠭᠡᠳᠦᠢ ᠶᠢᠨ ᠠᠵᠤ ᠦᠢᠯᠡᠰ ᠢ ᠪᠣᠶᠢᠵᠢᠭᠤᠯᠤᠨ ᠬᠥᠭᠵᠢᠭᠦᠯᠬᠦ ᠳᠤᠮᠳᠠ ᠵᠣᠷᠢᠭᠲᠠᠢ ᠬᠠᠶᠢᠨ ᠰᠦᠪᠡᠭᠴᠢᠯᠡᠵᠦ᠂ ᠰᠢᠨ᠎ᠡ ᠬᠥᠭᠵᠢᠯᠲᠡ ᠶᠢᠨ ᠪᠠᠶᠢᠷᠢᠰᠢᠯ ᠢ ᠪᠠᠶᠢᠭᠤᠯᠬᠤ᠂ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤ ᠲᠠᠰᠤᠷᠠᠯᠳᠠ ᠦᠭᠡᠢ ᠰᠢᠨ᠎ᠡ ᠬᠥᠳᠡᠯᠭᠡᠬᠦ ᠬᠦᠴᠦᠨ ᠨᠡᠮᠡᠷᠢᠯᠡᠬᠦ ᠬᠡᠷᠡᠭᠲᠡᠢ᠃          ᠰᠢᠨ᠎ᠡ ᠨᠢᠭᠡ ᠡᠭᠡᠯᠵᠢ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠤᠪᠢᠰᠬᠠᠯ ᠪᠣᠯᠣᠨ ᠠᠵᠤ ᠦᠢᠯᠡᠰ ᠤᠨ ᠬᠤᠪᠢᠰᠤᠯᠲᠠ ᠳᠤ ᠵᠣᠬᠢᠴᠠᠵᠤ᠂ ᠬᠥᠳᠡᠯᠮᠦᠷᠢᠴᠢᠳ ᠤᠨ ᠬᠡᠪ ᠪᠣᠯᠪᠠᠰᠤᠷᠠᠯ ᠢ ᠪᠦᠭᠦ ᠲᠠᠯ᠎ᠠ ᠪᠠᠷ ᠳᠡᠭᠡᠭᠰᠢᠯᠡᠭᠦᠯᠭᠦ ᠬᠡᠷᠡᠭᠲᠡᠢ᠃ ᠡᠨᠡ ᠪᠣᠯ ᠳᠤᠮᠳᠠᠳᠤ ᠤᠯᠤᠰ ᠤᠨ ᠠᠵᠢᠯᠴᠢᠨ ᠠᠩᠭᠢ ︽ᠬᠠᠮᠤᠭ ᠤᠨ ᠳᠠᠪᠰᠢᠩᠭᠤᠢ ᠠᠩᠭᠢ︾᠎ ᠶᠢᠨ ᠬᠤᠪᠢ ᠪᠠᠷ ᠢᠮᠠᠭᠲᠠ ᠴᠠᠭ ᠦᠶ᠎ᠡ ᠶᠢᠨ ᠡᠮᠦᠨ᠎ᠡ ᠡᠩᠨᠡᠭᠡᠨ ᠳᠤ ᠶᠠᠪᠤᠬᠤ ᠶᠢᠨ ᠵᠠᠶᠢᠯᠠᠰᠢ ᠦᠭᠡᠢ ᠱᠠᠭᠠᠷᠳᠠᠯᠭ᠎ᠠ ᠮᠥᠨ᠃ ᠰᠢᠨᠵᠢᠯᠡᠬᠦ ᠤᠬᠠᠭᠠᠨ ᠰᠤᠷᠭᠠᠨ ᠬᠥᠮᠦᠵᠢᠯ ᠢᠶᠠᠷ ᠤᠯᠤᠰ ᠢᠶᠠᠨ ᠮᠠᠨᠳᠤᠭᠤᠯᠬᠤ ᠪᠠᠶᠢᠯᠳᠤᠬᠤ ᠪᠣᠳᠣᠯᠭ᠎ᠠ᠂ ᠴᠢᠳᠠᠪᠤᠷᠢᠲᠠᠨ ᠢᠶᠠᠷ ᠤᠯᠤᠰ ᠢᠶᠠᠨ ᠬᠦᠴᠦᠷᠬᠡᠭᠵᠢᠭᠦᠯᠬᠦ ᠪᠠᠶᠢᠯᠳᠤᠬᠤ ᠪᠣᠳᠣᠯᠭ᠎ᠠ᠂ ᠰᠢᠨ᠎ᠡ ᠶᠢ ᠡᠭᠦᠳᠬᠦ ᠪᠠᠷ ᠬᠥᠳᠡᠯᠭᠡᠭᠦᠷ ᠪᠤᠯᠭᠠᠬᠤ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠬᠦ ᠲᠠᠢ ᠨᠢᠭᠲᠠ ᠤᠶᠠᠯᠳᠤᠭᠤᠯᠤᠨ᠂ ᠠᠵᠢᠯᠲᠠᠨ ᠠᠵᠢᠯᠴᠢᠨ ᠤ ᠬᠡᠪ ᠴᠢᠨᠠᠷ ᠤᠨ ᠪᠠᠶᠢᠭᠤᠯᠤᠯᠲᠠ ᠶᠢᠨ ᠢᠨᠵᠧᠨᠧᠷᠢᠩ ᠢ ᠭᠦᠨᠵᠡᠭᠡᠢ ᠬᠡᠷᠡᠭᠵᠢᠭᠦᠯᠵᠦ᠂ ᠠᠵᠤ ᠦᠢᠯᠡᠰ ᠤᠨ ᠠᠵᠢᠯᠴᠢᠨ ᠤ ᠡᠩᠨᠡᠭᠡ ᠶᠢᠨ ᠪᠠᠶᠢᠭᠤᠯᠤᠯᠲᠠ ᠶᠢᠨ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ᠭᠦᠳᠡᠯᠮᠦᠷᠢ ᠪᠠ ᠤᠷ᠎ᠠ ᠴᠢᠳᠠᠪᠤᠷᠢ ᠶᠢᠨ ᠤᠷᠤᠯᠳᠤᠭᠠᠨ ᠢ ᠥᠷᠭᠡᠨ ᠢᠶᠠᠷ ᠥᠷᠨᠢᠭᠦᠯᠵᠦ᠂ ᠥᠷᠭᠡᠨ ᠤᠯᠠᠨ ᠬᠥᠳᠡᠯᠮᠦᠷᠢᠴᠢᠳ ᠤᠨ ᠨᠠᠰᠤᠨ ᠲᠤᠷᠰᠢᠲᠠ ᠰᠤᠷᠤᠯᠴᠠᠬᠤ᠂ ᠲᠤᠰ ᠪᠡᠶ᠎ᠡ ᠶᠢᠨ ᠬᠡᠪ ᠴᠢᠨᠠᠷ ᠢᠶᠠᠨ ᠲᠠᠰᠤᠷᠠᠯᠳᠠ ᠦᠭᠡᠢ ᠳᠡᠭᠡᠭᠰᠢᠯᠡᠭᠦᠯᠭᠦ ᠶᠢ ᠬᠥᠲᠥᠯᠥᠨ ᠵᠢᠯᠤᠭᠤᠳᠴᠤ᠂ ᠮᠡᠳᠡᠯᠭᠡ ᠶᠢᠨ ᠭᠡᠯᠪᠡᠷᠢ ᠶᠢᠨ᠂ ᠤᠷ᠎ᠠ ᠴᠢᠳᠠᠪᠤᠷᠢ ᠶᠢᠨ ᠭᠡᠯᠪᠡᠷᠢ ᠶᠢᠨ᠂ ᠰᠢᠨ᠎ᠡ ᠶᠢ ᠡᠭᠦᠳᠬᠦ ᠭᠡᠯᠪᠡᠷᠢ ᠶᠢᠨ ᠨᠢᠭᠡᠨ ᠰᠠᠯᠠᠭ᠎ᠠ ᠬᠥᠳᠡᠯᠮᠦᠷᠢᠴᠢᠳ ᠤᠨ ᠡᠩᠨᠡᠭᠡ ᠶᠢ ᠴᠢᠷᠮᠠᠶᠢᠨ ᠪᠠᠶᠢᠭᠤᠯᠬᠤ ᠬᠡᠷᠡᠭᠲᠡᠢ᠃          ᠨᠡᠶᠢᠭᠡᠮ ᠵᠢᠷᠤᠮ ᠤᠨ ᠭᠤᠣᠯᠯᠠᠭᠴᠢ ᠦᠷᠳᠡᠭ ᠤᠨ ᠦᠵᠡᠯᠲᠡ ᠶᠢ ᠭᠦᠨᠵᠡᠭᠡᠢ ᠦᠢᠯᠡᠳᠦᠯᠭᠡᠵᠢᠭᠦᠯᠵᠦ᠂ ᠭᠦᠳᠡᠯᠮᠦᠷᠢ ᠶᠢᠨ ᠵᠢᠱᠢᠶᠡᠴᠢ ᠶᠢᠨ ᠵᠣᠷᠢᠭ ᠰᠠᠨᠠᠭ᠎ᠠ᠂ ᠭᠦᠳᠡᠯᠮᠦᠷᠢ ᠶᠢᠨ ᠵᠣᠷᠢᠭ ᠰᠠᠨᠠᠭ᠎ᠠ᠂ ᠤᠷᠠᠨ ᠲᠠᠷᠬᠠᠨ ᠤ ᠵᠣᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠬᠤ ᠬᠡᠷᠡᠭᠲᠡᠢ᠃ ᠠᠵᠢᠯᠴᠢᠨ ᠠᠩᠭᠢ ᠪᠣᠯᠣᠨ ᠥᠷᠭᠡᠨ ᠣᠯᠠᠨ ᠬᠥᠳᠡᠯᠮᠦᠷᠢᠴᠢᠨ ᠲᠦᠮᠡᠨ ᠤ ᠤᠷᠲᠤ ᠬᠤᠭᠤᠴᠠᠭᠠᠨ ᠤ ᠲᠡᠮᠡᠴᠡᠯ ᠤᠨ ᠳᠤᠮᠳᠠ ᠴᠣᠭᠴᠠᠯᠠᠭᠰᠠᠨ ᠭᠦᠳᠡᠯᠮᠦᠷᠢ ᠶᠢᠨ ᠵᠢᠱᠢᠶᠡᠴᠢ ᠶᠢᠨ ᠵᠣᠷᠢᠭ ᠰᠠᠨᠠᠭ᠎ᠠ᠂ ᠭᠦᠳᠡᠯᠮᠦᠷᠢ ᠶᠢᠨ ᠵᠣᠷᠢᠭ ᠰᠠᠨᠠᠭ᠎ᠠ᠂ ᠤᠷᠠᠨ ᠳᠠᠷᠬᠠᠨ ᠤ ᠵᠣᠷᠢᠭ ᠰᠠᠨᠠᠭ᠎ᠠ ᠪᠣᠯ ᠨᠡᠶᠢᠭᠡᠮ ᠵᠢᠷᠤᠮ ᠤᠨ ᠭᠤᠣᠯᠯᠠᠭᠴᠢ ᠥᠷᠲᠡᠭ ᠤᠨ ᠦᠵᠡᠯᠲᠡ ᠶᠢᠨ ᠠᠮᠢᠳᠤᠯᠢᠭ ᠢᠯᠡᠷᠡᠯ ᠮᠥᠨ᠃ ᠭᠦᠳᠡᠯᠮᠦᠷᠢ ᠬᠠᠮᠤᠭ ᠤᠨ ᠢᠷᠠᠭᠤ ᠠᠯᠳᠠᠷᠲᠠᠢ᠂ ᠭᠦᠳᠡᠯᠮᠦᠷᠢ ᠬᠠᠮᠤᠭ ᠤᠨ ᠡᠷᠬᠢᠮ ᠳᠡᠭᠡᠳᠦ᠂ ᠭᠦᠳᠡᠯᠮᠦᠷᠢ ᠬᠠᠮᠤᠭ ᠤᠨ ᠠᠭᠤᠤ ᠶᠡᠭᠡ᠂ ᠭᠦᠳᠡᠯᠮᠦᠷᠢ ᠬᠠᠮᠤᠭ ᠤᠨ ᠭᠤᠶᠤ ᠰᠠᠶᠢᠬᠠᠨ ᠪᠠᠶᠢᠬᠤ ᠨᠡᠶᠢᠭᠡᠮ ᠤᠨ ᠬᠡᠪ ᠰᠤᠷᠲᠠᠯ ᠢ ᠶᠡᠭᠡ ᠪᠠᠷ ᠪᠠᠳᠠᠷᠠᠭᠤᠯᠵᠤ᠂ ᠭᠦᠳᠡᠯᠮᠦᠷᠢ ᠶᠢ ᠬᠦᠨᠳᠦᠳᠬᠡᠬᠦ᠂ ᠮᠡᠳᠡᠯᠭᠡ ᠶᠢ ᠬᠦᠨᠳᠦᠳᠬᠡᠬᠦ᠂ ᠴᠢᠳᠠᠪᠤᠷᠢᠲᠠᠨ ᠢ ᠬᠦᠨᠳᠦᠳᠬᠡᠬᠦ᠂ ᠡᠭᠦᠳᠦᠨ ᠪᠦᠲᠦᠭᠡᠯᠲᠡ ᠶᠢ ᠬᠦᠨᠳᠦᠳᠬᠡᠬᠦ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠤᠯᠭᠠᠵᠤ᠂ ᠪᠦᠭᠦ ᠠᠷᠠᠳ ᠲᠦᠮᠡᠨ ᠤ ᠰᠢᠷᠭᠠᠭᠤ ᠭᠦᠳᠡᠯᠮᠦᠷᠢ᠂ ᠦᠨᠡᠨᠴᠢ ᠭᠦᠳᠡᠯᠮᠦᠷᠢ᠂ ᠪᠦᠲᠦᠭᠡᠯᠴᠢ ᠭᠦᠳᠡᠯᠮᠦᠷᠢ ᠪᠠᠷ ᠢᠶᠠᠨ ᠰᠠᠶᠢᠨ ᠰᠠᠶᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢᠶᠠᠨ ᠪᠡᠶᠡᠯᠡᠭᠦᠯᠬᠦ ᠶᠢ ᠵᠣᠷᠢᠭᠵᠢᠭᠤᠯᠬᠤ ᠬᠡᠷᠡᠭᠲᠡᠢ᠃          ᠬᠠᠮᠲᠤ ᠪᠠᠷ ᠪᠠᠶᠠᠵᠢᠬᠤ ᠶᠢ ᠠᠬᠢᠭᠤᠯᠬᠤ ᠶᠢ ᠠᠩᠬᠠᠷᠴᠤ᠂ ᠥᠷᠭᠡᠨ ᠤᠯᠠᠨ ᠠᠵᠢᠯᠲᠠᠨ ᠠᠵᠢᠯᠴᠢᠨ ᠪᠠ ᠬᠥᠳᠡᠯᠮᠦᠷᠢᠴᠢᠨ ᠲᠦᠮᠡᠨ ᠤ ᠠᠵᠠ ᠵᠢᠷᠭᠠᠯ ᠢ ᠯᠠᠪᠳᠠᠭᠤᠨ ᠨᠡᠮᠡᠭᠳᠡᠭᠦᠯᠬᠦ ᠬᠡᠷᠡᠭᠲᠡᠢ᠃ ᠬᠠᠮᠲᠤ ᠪᠠᠷ ᠪᠠᠶᠠᠵᠢᠬᠤ ᠶᠢ ᠥᠷᠭᠡᠨ ᠤᠯᠠᠨ ᠬᠥᠳᠡᠯᠮᠦᠷᠢᠴᠢᠳ ᠲᠤ ᠲᠦᠰᠢᠭᠯᠡᠨ ᠪᠡᠶᠡᠯᠡᠭᠦᠯᠬᠦ ᠮᠥᠷᠲᠡᠭᠡᠨ ᠪᠠᠰᠠ ᠥᠷᠭᠡᠨ ᠤᠯᠠᠨ ᠬᠥᠳᠡᠯᠮᠦᠷᠢᠴᠢᠳ ᠤᠨ ᠪᠡᠶ᠎ᠡ ᠳᠡᠭᠡᠷ᠎ᠡ ᠢᠯᠡᠷᠡᠭᠦᠯᠬᠦ ᠬᠡᠷᠡᠭᠲᠡᠢ᠃ ᠠᠷᠠᠳ ᠲᠦᠮᠡᠨ ᠢᠶᠠᠷ ᠭᠤᠣᠯ ᠪᠤᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠪᠠᠷᠢᠮᠲᠠᠯᠠᠵᠤ᠂ ᠨᠡᠩ ᠰᠠᠶᠢᠨ ᠠᠵᠢᠯ ᠣᠯᠭᠤᠯᠲᠠ ᠶᠢᠨ ᠪᠠ ᠭᠦᠳᠡᠯᠮᠦᠷᠢ ᠶᠢᠨ ᠨᠥᠬᠦᠴᠡᠯ ᠢ ᠡᠭᠦᠳᠴᠦ᠂ ᠴᠢᠨᠠᠷ ᠰᠠᠶᠢᠲᠠᠢ ᠠᠵᠢᠯ ᠣᠯᠭᠤᠯᠲᠠ ᠶᠢ ᠠᠬᠢᠭᠤᠯᠵᠤ᠂ ᠣᠷᠣᠯᠭ᠎ᠠ ᠶᠢᠨ ᠬᠤᠪᠢᠶᠠᠷᠢᠯᠠᠯᠲᠠ ᠳᠤᠮᠳᠠᠬᠢ ᠭᠦᠳᠡᠯᠮᠦᠷᠢ᠂ ᠤᠷ᠎ᠠ ᠴᠢᠳᠠᠪᠤᠷᠢ᠂ ᠮᠡᠳᠡᠯᠭᠡ᠂ ᠰᠢᠨ᠎ᠡ ᠶᠢ ᠡᠭᠦᠳᠬᠦ ᠵᠡᠷᠭᠡ ᠡᠯᠧᠮᠧᠨ᠋ᠲ ᠤᠨ ᠬᠤᠪᠢ ᠶᠢᠨ ᠵᠢᠩ ᠢ ᠡᠮᠬᠢ ᠵᠢᠷᠤᠮ ᠲᠠᠢ ᠳᠡᠭᠡᠭᠰᠢᠯᠡᠭᠦᠯᠵᠦ᠂ ᠥᠷᠭᠡᠨ ᠤᠯᠠᠨ ᠠᠵᠢᠯᠲᠠᠨ ᠠᠵᠢᠯᠴᠢᠨ ᠪᠠ ᠬᠥᠳᠡᠯᠮᠦᠷᠢᠴᠢᠨ ᠲᠦᠮᠡᠨ ᠤ ᠬᠦᠷᠲᠡᠮᠵᠢ ᠶᠢᠨ ᠲᠥᠷᠥᠭᠳᠡᠯ ᠵᠢᠷᠭᠠᠯᠲᠤ ᠲᠥᠷᠥᠭᠳᠡᠯ ᠠᠮᠤᠷ ᠲᠦᠪᠰᠢᠨ ᠤ ᠲᠥᠷᠥᠭᠳᠡᠯ ᠢ ᠲᠠᠰᠤᠷᠠᠯᠳᠠ ᠦᠭᠡᠢ ᠨᠡᠮᠡᠭᠳᠡᠭᠦᠯᠬᠦ ᠬᠡᠷᠡᠭᠲᠡᠢ᠃          ᠭᠦᠳᠡᠯᠮᠦᠷᠢ ᠶᠢᠨ ᠵᠢᠱᠢᠶᠡᠴᠢ ᠪᠠ ᠲᠡᠷᠢᠭᠦᠨ ᠤ ᠠᠵᠢᠯᠲᠠᠨ ᠪᠣᠯ ᠠᠷᠠᠳ ᠲᠦᠮᠡᠨ ᠤ ᠦᠯᠢᠭᠡᠷ ᠳᠠᠭᠤᠷᠢᠶᠠᠯ᠂ ᠤᠯᠤᠰ ᠣᠷᠣᠨ ᠤ ᠲᠤᠯᠭᠠᠭᠤᠷᠢ ᠮᠥᠨ᠃ ᠤᠷᠳᠤ ᠬᠤᠭᠤᠴᠠᠭᠠᠨ ᠤ ᠲᠤᠷᠰᠢ᠂ ᠦᠶ᠎ᠡ ᠦᠶ᠎ᠡ ᠶᠢᠨ ᠭᠦᠳᠡᠯᠮᠦᠷᠢ ᠶᠢᠨ ᠵᠢᠱᠢᠶᠡᠴᠢ ᠪᠠ ᠲᠡᠷᠢᠭᠦᠨ ᠤ ᠠᠵᠢᠯᠲᠠᠳ ᠠᠵᠢᠯ ᠦᠢᠯᠡᠰ ᠤᠨ ᠬᠥᠭᠵᠢᠯᠲᠡ ᠶᠢ ᠠᠬᠢᠭᠤᠯᠬᠤ᠂ ᠴᠠᠭ ᠦᠶ᠎ᠡ ᠶᠢᠨ ᠲᠠᠪᠰᠢᠯᠳᠠ ᠶᠢ ᠠᠬᠢᠭᠤᠯᠬᠤ ᠳᠤᠮᠳᠠ ᠵᠢᠱᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠦᠢᠯᠡᠳᠦᠯ ᠢᠶᠠᠨ ᠪᠠᠳᠠᠷᠠᠭᠤᠯᠤᠭᠰᠠᠨ ᠶᠤᠮ᠃ ᠲᠡᠳᠡᠨ ᠤ ᠦᠯᠢᠭᠡᠷ ᠢ ᠤᠯᠠᠮ ᠰᠠᠶᠢᠲᠤᠷ ᠶᠠᠷᠢᠵᠤ᠂ ᠪᠦᠭᠦ ᠨᠡᠶᠢᠭᠡᠮ ᠢᠶᠠᠷ ᠢᠶᠠᠨ ᠲᠡᠳᠡᠨ ᠤ ᠦᠢᠯᠡ ᠶᠠᠪᠤᠳᠠᠯ ᠢ ᠰᠤᠷᠤᠯᠴᠠᠬᠤ᠂ ᠲᠡᠳᠡᠨ ᠤ ᠵᠣᠷᠢᠭ ᠰᠠᠨᠠᠭ᠎ᠠ ᠶᠢ ᠪᠠᠳᠠᠷᠠᠭᠤᠯᠬᠤ ᠶᠢ ᠬᠥᠲᠥᠯᠥᠨ ᠵᠢᠯᠤᠭᠤᠳᠬᠤ ᠬᠡᠷᠡᠭᠲᠡᠢ᠃ ᠬᠥᠬᠢᠭᠦᠯᠦᠨ ᠰᠠᠶᠢᠰᠢᠶᠠᠭᠳᠠᠭᠰᠠᠨ ᠭᠦᠳᠡᠯᠮᠦᠷᠢ ᠶᠢᠨ ᠵᠢᠱᠢᠶᠡᠴᠢ ᠪᠠ ᠲᠡᠷᠢᠭᠦᠨ ᠤ ᠠᠵᠢᠯᠲᠠᠳ ᠢᠷᠠᠭᠤ ᠠᠯᠳᠠᠷ ᠢᠶᠠᠨ ᠨᠠᠨᠳᠢᠩᠨᠠᠨ᠂ ᠣᠣᠷ ᠴᠢᠨᠠᠷ ᠢᠶᠠᠨ ᠪᠠᠲᠤᠯᠠᠵᠤ᠂ ᠦᠷᠭᠦᠯᠵᠢᠯᠡᠨ ᠴᠢᠷᠮᠠᠶᠢᠵᠤ᠂ ᠲᠠᠭᠢᠨ ᠰᠢᠨ᠎ᠡ ᠭᠠᠪᠢᠶ᠎ᠠ ᠪᠠᠶᠢᠭᠤᠯᠬᠤ ᠶᠢ ᠬᠦᠰᠡᠵᠦ ᠪᠠᠶᠢᠨ᠎ᠠ᠃          ᠨᠥᠬᠦᠳ ᠠ᠋᠂ ᠨᠠᠶᠢᠵᠠ ᠨᠠᠷ ᠠ᠋︕          ᠵᠠᠭᠤᠨ ᠵᠢᠯ ᠤᠨ ᠠᠵᠢᠯᠴᠢᠨ ᠤ ᠡᠪᠯᠡᠯ ᠶᠠᠭ ᠰᠢᠨ᠎ᠡ ᠲᠡᠦᠬᠡ ᠶᠢᠨ ᠭᠠᠷᠤᠭ᠎ᠠ ᠳᠡᠭᠡᠷ᠎ᠡ ᠵᠣᠭᠰᠣᠵᠤ᠂ ᠨᠠᠮ ᠪᠠ ᠤᠯᠤᠰ ᠠᠴᠠ ᠠᠵᠢᠯᠴᠢᠨ ᠤ ᠡᠪᠯᠡᠯ ᠤᠨ ᠵᠣᠬᠢᠶᠠᠨ ᠪᠠᠶᠢᠭᠤᠯᠤᠯᠲᠠ ᠳᠤ ᠶᠡᠭᠡ ᠬᠦᠰᠡᠯ ᠨᠠᠶᠢᠳᠠᠯᠭ᠎ᠠ ᠲᠠᠯᠪᠢᠵᠤ᠂ ᠠᠵᠢᠯᠲᠠᠨ ᠠᠵᠢᠯᠴᠢᠨ ᠤᠯᠠᠨ ᠲᠦᠮᠡᠨ ᠠᠴᠠ ᠠᠵᠢᠯᠴᠢᠨ ᠤ ᠡᠪᠯᠡᠯ ᠤᠨ ᠵᠣᠬᠢᠶᠠᠨ ᠪᠠᠶᠢᠭᠤᠯᠤᠯᠲᠠ ᠳᠤ ᠬᠦᠰᠡᠯ ᠡᠷᠡᠮᠡᠯᠵᠡᠯ ᠳᠦᠭᠦᠷᠡᠩ ᠪᠠᠶᠢᠨ᠎ᠠ᠃ ᠡᠯ᠎ᠡ ᠱᠠᠲᠤᠨ ᠤ ᠠᠵᠢᠯᠴᠢᠨ ᠤ ᠡᠪᠯᠡᠯ ᠨᠠᠮ ᠤᠨ ᠲᠥᠪ ᠬᠤᠷᠢᠶ᠎ᠠ ᠶᠢᠨ ᠰᠢᠢᠳᠪᠦᠷᠢᠲᠦ ᠪᠣᠳᠣᠯᠭ᠎ᠠ ᠪᠠᠶᠢᠷᠢᠯᠠᠭᠤᠯᠤᠯᠲᠠ ᠶᠢ ᠪᠦᠭᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠠᠵᠢᠯᠴᠢᠨ ᠤ ᠡᠪᠯᠡᠯ ᠤᠨ ᠠᠵᠢᠯ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ᠂ ᠮᠠᠨ ᠤ ᠤᠯᠤᠰ ᠤᠨ ᠠᠵᠢᠯᠴᠢᠨ ᠤ ᠬᠥᠳᠡᠯᠭᠡᠭᠡᠨ ᠤ ᠦᠢᠯᠡᠰ ᠤᠨ ᠨᠡᠩ ᠢᠷᠠᠭᠤ ᠭᠠᠶᠢᠬᠠᠮᠰᠢᠭᠲᠤ ᠴᠠᠭ ᠦᠶ᠎ᠡ ᠶᠢᠨ ᠬᠠᠭᠤᠳᠠᠰᠤ ᠶᠢ ᠪᠢᠴᠢᠭᠯᠡᠬᠦ ᠬᠡᠷᠡᠭᠲᠡᠢ᠃          ᠤᠯᠤᠰ ᠲᠦᠷᠦ ᠶᠢᠨ ᠵᠥᠪ ᠴᠢᠭᠯᠡᠯ ᠢ ᠪᠠᠷᠢᠮᠲᠠᠯᠠᠵᠤ᠂ ᠥᠷᠭᠡᠨ ᠤᠯᠠᠨ ᠠᠵᠢᠯᠲᠠᠨ ᠠᠵᠢᠯᠴᠢᠨ ᠪᠠ ᠬᠥᠳᠡᠯᠮᠦᠷᠢᠴᠢᠨ ᠲᠦᠮᠡᠨ ᠢ ᠨᠠᠮ ᠤᠨ ᠲᠣᠭᠤᠷᠢᠨ ᠳᠤ ᠨᠢᠭᠲᠠ ᠪᠦᠯᠬᠦᠮᠳᠡᠭᠦᠯᠬᠦ ᠬᠡᠷᠡᠭᠲᠡᠢ᠃ ᠨᠠᠮ ᠤᠨ ᠲᠥᠪ ᠬᠤᠷᠢᠶ᠎ᠠ ᠶᠢᠨ ᠡᠷᠬᠡ ᠰᠦᠷ ᠪᠠ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ ᠶᠢ ᠡᠷᠡᠰ ᠬᠠᠮᠠᠭᠠᠯᠠᠵᠤ᠂ ᠨᠠᠮ ᠤᠨ ᠤᠳᠤᠷᠢᠳᠤᠯᠭ᠎ᠠ ᠶᠢ ᠠᠵᠢᠯᠴᠢᠨ ᠤ ᠡᠪᠯᠡᠯ ᠤᠨ ᠠᠵᠢᠯ ᠤᠨ ᠪᠦᠭᠦ ᠶᠠᠪᠤᠴᠠ ᠪᠠ ᠡᠯ᠎ᠡ ᠲᠠᠯ᠎ᠠ ᠳᠤ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠬᠡᠷᠡᠭᠲᠡᠢ᠃ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠲᠠᠷᠢᠬᠢ ᠲᠣᠯᠣᠭᠠᠢ ᠪᠠᠨ ᠵᠡᠪᠰᠡᠭᠯᠡᠬᠦ᠂ ᠦᠢᠯᠡᠳᠦᠯᠭᠡ ᠪᠠᠨ ᠵᠢᠯᠣᠭᠤᠳᠤᠭᠤᠯᠬᠤ᠂ ᠠᠵᠢᠯ ᠢᠶᠠᠨ ᠠᠬᠢᠭᠤᠯᠬᠤ ᠶᠢ ᠪᠠᠷᠢᠮᠲᠠᠯᠠᠵᠤ᠂ ᠠᠵᠢᠯᠲᠠᠨ ᠠᠵᠢᠯᠴᠢᠨ ᠤᠯᠠᠨ ᠲᠦᠮᠡᠨ ᠢ ᠬᠥᠲᠥᠯᠥᠨ ᠳᠠᠭᠠᠭᠤᠯᠵᠤ ᠨᠠᠮ ᠤᠨ ᠦᠭᠡ ᠶᠢ ᠰᠣᠨᠣᠰᠬᠤ᠂ ᠨᠠᠮ ᠢᠶᠠᠨ ᠳᠠᠭᠠᠬᠤ ᠤᠯᠤᠰ ᠲᠦᠷᠦ ᠶᠢᠨ ᠬᠠᠷᠢᠭᠤᠴᠠᠯᠭ᠎ᠠ ᠶᠢ ᠡᠷᠡᠰ ᠡᠭᠦᠷᠭᠡᠯᠡᠵᠦ᠂ ᠬᠥᠮᠥᠰ ᠤᠨ ᠰᠡᠳᠬᠢᠯ ᠢ ᠨᠢᠭᠲᠠᠷᠠᠭᠤᠯᠬᠤ᠂ ᠵᠥᠷᠢᠴᠡᠯ ᠢ ᠨᠠᠮᠳᠠᠭᠤᠯᠬᠤ᠂ ᠬᠥᠳᠡᠯᠭᠡᠬᠦ ᠬᠦᠴᠦᠨ ᠢ ᠬᠥᠭᠵᠢᠭᠡᠬᠦ ᠪᠠᠷ ᠬᠦᠴᠦᠯᠡᠵᠦ᠂ ᠨᠠᠮ ᠤᠨ ᠲᠦᠷᠦ ᠪᠠᠷᠢᠬᠤ ᠠᠩᠭᠢ ᠶᠢᠨ ᠰᠠᠭᠤᠷᠢ ᠪᠣᠯᠣᠨ ᠤᠯᠠᠨ ᠲᠦᠮᠡᠨᠴᠢ ᠰᠠᠭᠤᠷᠢ ᠶᠢ ᠲᠠᠰᠤᠷᠠᠯᠳᠡ ᠦᠭᠡᠢ ᠪᠠᠬᠢᠵᠢᠭᠦᠯᠬᠦ ᠬᠡᠷᠡᠭᠲᠡᠢ᠃          ᠠᠵᠢᠯᠲᠠᠨ ᠠᠵᠢᠯᠴᠢᠨ ᠢᠶᠠᠷ ᠭᠤᠣᠯ ᠪᠤᠯᠭᠠᠬᠰᠠᠨ ᠠᠵᠢᠯ ᠤᠨ ᠤᠳᠤᠷᠢᠳᠤᠮᠵᠢ ᠶᠢ ᠪᠠᠷᠢᠮᠲᠠᠯᠠᠵᠤ᠂ ᠠᠵᠢᠯᠲᠠᠨ ᠠᠵᠢᠯᠴᠢᠨ ᠲᠦᠮᠡᠨ ᠳᠤ ᠦᠨᠡᠨ ᠰᠡᠳᠬᠢᠯ ᠠᠴᠠ ᠪᠠᠨ ᠦᠢᠯᠡᠴᠢᠯᠡᠨ᠂ ᠠᠵᠢᠯᠲᠠᠨ ᠠᠵᠢᠯᠴᠢᠨ ᠤ ᠪᠦᠭᠦ ᠲᠠᠯ᠎ᠠ ᠶᠢᠨ ᠬᠥᠭᠵᠢᠯᠲᠡ ᠶᠢ ᠠᠬᠢᠭᠤᠯᠬᠤ ᠬᠡᠷᠡᠭᠲᠡᠢ᠃ ᠭᠦᠳᠡᠯᠮᠦᠷᠢ ᠶᠢᠨ ᠬᠠᠤᠯᠢ ᠴᠠᠭᠠᠵᠠ ᠳᠦᠷᠢᠮ ᠲᠣᠭᠲᠠᠭᠠᠯ ᠢ ᠲᠡᠭᠦᠯᠳᠡᠷᠵᠢᠭᠦᠯᠬᠦ ᠶᠢ ᠠᠬᠢᠭᠤᠯᠵᠤ᠂ ᠠᠵᠢᠯᠲᠠᠨ ᠠᠵᠢᠯᠴᠢᠨ ᠤ ᠲᠥᠯᠥᠭᠡᠯᠡᠭᠴᠢᠳ ᠤᠨ ᠶᠡᠭᠡ ᠬᠤᠷᠠᠯ ᠢᠶᠠᠷ ᠦᠨᠳᠦᠰᠦᠨ ᠭᠡᠯᠪᠡᠷᠢ ᠪᠤᠯᠭᠠᠬᠰᠠᠨ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠶᠢᠨ ᠠᠷᠠᠳᠴᠢᠯᠠᠭᠰᠠᠨ ᠬᠠᠮᠢᠶᠠᠷᠤᠯᠲᠠ ᠶᠢᠨ ᠳᠦᠷᠢᠮ ᠢ ᠪᠦᠷᠢᠨᠰᠢᠭᠦᠯᠵᠦ᠂ ᠡᠶ᠎ᠡ ᠵᠣᠬᠢᠴᠠᠩᠭᠤᠢ ᠭᠦᠳᠡᠯᠮᠦᠷᠢ ᠶᠢᠨ ᠬᠠᠷᠢᠴᠠᠭ᠎ᠠ ᠶᠢ ᠢᠳᠡᠪᠬᠢᠲᠡᠢ ᠪᠠᠶᠢᠭᠤᠯᠵᠤ᠂ ᠠᠵᠢᠯᠲᠠᠨ ᠠᠵᠢᠯᠴᠢᠨ ᠤ ᠬᠠᠤᠯᠢ ᠶᠣᠰᠣᠨ ᠤ ᠡᠷᠬᠡ ᠠᠰᠢᠭ ᠢ ᠦᠨᠡᠨ ᠬᠦ ᠬᠠᠮᠠᠭᠠᠯᠠᠬᠤ ᠬᠡᠷᠡᠭᠲᠡᠢ᠃ ᠤᠷ᠎ᠠ ᠴᠢᠳᠠᠪᠤᠷᠢ ᠶᠢᠨ ᠪᠣᠯᠪᠠᠰᠤᠷᠠᠯ᠂ ᠣᠷᠣᠯᠭ᠎ᠠ ᠶᠢᠨ ᠬᠤᠪᠢᠶᠠᠷᠢᠯᠠᠯᠲᠠ᠂ ᠠᠶᠤᠯᠭᠦᠢ ᠦᠢᠯᠡᠳᠪᠦᠷᠢᠯᠡᠯ᠂ ᠭᠦᠳᠡᠯᠮᠦᠷᠢ ᠶᠢᠨ ᠬᠠᠮᠠᠭᠠᠯᠠᠯᠲᠠ ᠵᠡᠷᠭᠡ ᠭᠤᠣᠯᠳᠠᠯᠭ᠎ᠠ ᠲᠠᠢ ᠭᠤᠭᠴᠤᠭ᠎ᠠ ᠶᠢ ᠠᠳᠬᠤᠵᠤ᠂ ᠠᠵᠢᠯᠲᠠᠨ ᠠᠵᠢᠯᠴᠢᠨ ᠤ ᠡᠷᠬᠡ ᠠᠰᠢᠭ ᠢ ᠬᠠᠮᠠᠭᠠᠯᠠᠬᠤ ᠦᠢᠯᠡᠴᠢᠯᠡᠭᠡᠨ ᠤ ᠠᠵᠢᠯ ᠤᠨ ᠰᠢᠰᠲ᠋ᠧᠮ ᠢ ᠬᠦᠴᠦᠯᠡᠨ ᠲᠡᠭᠦᠯᠳᠡᠷᠵᠢᠭᠦᠯᠵᠦ᠂ ᠥᠷᠭᠡᠨ ᠤᠯᠠᠨ ᠬᠥᠳᠡᠯᠮᠦᠷᠢᠴᠢᠳ ᠤᠨ ᠪᠠᠴᠢᠮᠳᠠᠵᠤ ᠲᠦᠪᠡᠭᠳᠡᠵᠦ ᠵᠣᠪᠠᠨᠢᠵᠤ ᠬᠦᠰᠡᠵᠦ ᠪᠠᠶᠢᠭ᠎ᠠ ᠠᠰᠠᠭᠤᠳᠠᠯ ᠢ ᠰᠡᠳᠬᠢᠯ ᠲᠠᠯᠪᠢᠨ ᠬᠠᠶᠢᠷ᠎ᠠ ᠰᠡᠳᠬᠢᠯᠭᠡ ᠲᠠᠢ ᠪᠠᠷ ᠬᠦᠴᠦ ᠣᠷᠣᠭᠤᠯᠤᠨ ᠰᠠᠶᠢᠲᠤᠷ ᠰᠢᠢᠳᠪᠦᠷᠢᠯᠡᠬᠦ ᠬᠡᠷᠡᠭᠲᠡᠢ᠃          ᠠᠵᠢᠯᠴᠢᠨ ᠤ ᠡᠪᠯᠡᠯ ᠤᠨ ᠥᠭᠡᠷᠡᠴᠢᠯᠡᠯᠲᠡ ᠪᠠ ᠪᠠᠶᠢᠭᠤᠯᠤᠯᠲᠠ ᠶᠢ ᠭᠦᠨᠵᠡᠭᠡᠶᠢᠷᠡᠭᠦᠯᠵᠦ᠂ ᠬᠥᠲᠥᠯᠥᠨ ᠳᠠᠭᠠᠭᠤᠯᠬᠤ ᠬᠦᠴᠦᠨ᠂ ᠵᠣᠬᠢᠶᠠᠨ ᠪᠠᠶᠢᠭᠤᠯᠬᠤ ᠬᠦᠴᠦᠨ᠂ ᠦᠢᠯᠡᠴᠢᠯᠡᠬᠦ ᠬᠦᠴᠦᠨ ᠢ ᠲᠠᠰᠤᠷᠠᠯᠳᠠ ᠦᠭᠡᠢ ᠴᠢᠩᠭᠠᠳᠬᠠᠬᠤ ᠬᠡᠷᠡᠭᠲᠡᠢ᠃ ᠠᠵᠢᠯᠴᠢᠨ ᠤ ᠡᠪᠯᠡᠯ ᠤᠨ ᠰᠢᠰᠲ᠋ᠧᠮ ᠤᠨ ᠨᠠᠮ ᠤᠨ ᠪᠠᠶᠢᠭᠤᠯᠤᠯᠲᠠ ᠶᠢ ᠪᠦᠭᠦ ᠲᠠᠯ᠎ᠠ ᠪᠠᠷ ᠴᠢᠩᠭᠠᠳᠬᠠᠵᠤ᠂ ᠦᠨᠡᠨᠴᠢ ᠰᠢᠳᠤᠷᠭᠤ ᠠᠷᠢᠭᠤᠨ ᠴᠢᠬᠡᠴᠢ ᠬᠠᠷᠢᠭᠤᠴᠠᠯᠭ᠎ᠠ ᠡᠭᠦᠷᠭᠡᠯᠡᠳᠡᠭ ᠥᠨᠳᠥᠷ ᠬᠡᠪ ᠪᠣᠯᠪᠠᠰᠤᠷᠠᠯ ᠲᠠᠢ ᠲᠤᠰᠬᠠᠶᠢᠵᠢᠭᠰᠠᠨ ᠠᠵᠢᠯᠴᠢᠨ ᠤ ᠡᠪᠯᠡᠯ ᠤᠨ ᠺᠠᠳ᠋ᠷ ᠤᠨ ᠡᠩᠨᠡᠭᠡ ᠶᠢ ᠪᠠᠶᠢᠭᠤᠯᠬᠤ ᠬᠡᠷᠡᠭᠲᠡᠢ᠃ ᠤᠯᠤᠰ ᠲᠥᠷᠥᠴᠢ ᠴᠢᠨᠠᠷ᠂ ᠲᠡᠷᠢᠭᠦᠨ ᠤ ᠴᠢᠨᠠᠷ᠂ ᠤᠯᠠᠨ ᠲᠦᠮᠡᠨᠴᠢ ᠴᠢᠨᠠᠷ ᠢ ᠴᠢᠩᠭᠠᠳᠬᠠᠬᠤ ᠥᠭᠡᠷᠡᠴᠢᠯᠡᠯᠲᠡ ᠶᠢᠨ ᠴᠢᠭᠯᠡᠯ ᠢ ᠪᠠᠲᠤ ᠡᠵᠡᠮᠳᠡᠵᠦ᠂ ᠵᠣᠬᠢᠶᠠᠨ ᠪᠠᠶᠢᠭᠤᠯᠤᠯᠲᠠ ᠶᠢᠨ ᠰᠢᠰᠲ᠋ᠧᠮ ᠢ ᠪᠠᠶᠢᠭᠤᠯᠤᠨ ᠬᠦᠴᠦᠷᠬᠡᠭᠵᠢᠭᠦᠯᠵᠦ᠂ ᠦᠢᠯᠡᠴᠢᠯᠡᠭᠡᠨ ᠤ ᠬᠦᠷᠢᠶ᠎ᠡ ᠶᠢ ᠥᠷᠭᠡᠳᠬᠡᠨ᠂ ᠠᠵᠢᠯᠯᠠᠬᠤ ᠠᠷᠭ᠎ᠠ ᠶᠢᠨ ᠰᠢᠨ᠎ᠡ ᠶᠢ ᠡᠭᠦᠳᠴᠦ᠂ ᠢᠮᠠᠭᠲᠠ ᠠᠵᠢᠯᠲᠠᠨ ᠠᠵᠢᠯᠴᠢᠨ ᠲᠦᠮᠡᠨ ᠤ ᠢᠲᠡᠭᠡᠯᠲᠡᠢ ᠳᠣᠲᠣᠨᠣ ᠬᠥᠮᠥᠨ᠂ ᠲᠥᠷᠬᠦᠮ ᠤᠨ ᠬᠥᠮᠥᠨ ᠪᠤᠯᠬᠤ ᠬᠡᠷᠡᠭᠲᠡᠢ᠃ ᠭᠠᠳᠠᠭᠠᠳᠤ ᠯᠤᠭ᠎ᠠ ᠶᠢᠨ ᠰᠣᠯᠢᠯᠴᠠᠭ᠎ᠠ ᠶᠠᠪᠤᠯᠴᠠᠭ᠎ᠠ ᠬᠠᠮᠲᠤᠷᠠᠯᠴᠠᠭ᠎ᠠ ᠶᠢ ᠢᠳᠡᠪᠬᠢᠲᠡᠢ ᠥᠷᠨᠢᠭᠦᠯᠵᠦ᠂ ᠡᠯ᠎ᠡ ᠤᠯᠤᠰ ᠤᠨ ᠠᠵᠢᠯᠴᠢᠳ ᠯᠤᠭ᠎ᠠ ᠶᠢᠨ ᠨᠥᠬᠦᠷᠯᠡᠯ ᠢᠶᠠᠨ ᠵᠤᠵᠠᠭᠠᠳᠬᠠᠬᠤ ᠬᠡᠷᠡᠭᠲᠡᠢ᠃          ᠠᠵᠢᠯᠴᠢᠨ ᠤ ᠬᠥᠳᠡᠯᠭᠡᠭᠡᠨ ᠤ ᠦᠢᠯᠡᠰ ᠪᠣᠯ ᠨᠠᠮ ᠤᠨ ᠦᠢᠯᠡᠰ ᠤᠨ ᠴᠢᠬᠤᠯᠠ ᠪᠦᠷᠢᠯᠳᠦᠭᠦᠨ ᠬᠡᠰᠡᠭ ᠮᠥᠨ᠃ ᠡᠯ᠎ᠡ ᠱᠠᠲᠤᠨ ᠤ ᠨᠠᠮ ᠤᠨ ᠬᠤᠷᠢᠶ᠎ᠠ ᠠᠵᠢᠯᠴᠢᠨ ᠤ ᠡᠪᠯᠡᠯ ᠳᠠᠬᠢ ᠤᠳᠤᠷᠢᠳᠤᠯᠭ᠎ᠠ ᠪᠠᠨ ᠴᠢᠩᠭᠠᠳᠬᠠᠨ ᠰᠠᠶᠢᠵᠢᠷᠠᠭᠤᠯᠵᠤ᠂ ᠠᠵᠢᠯᠴᠢᠨ ᠤ ᠡᠪᠯᠡᠯ ᠤᠨ ᠠᠵᠢᠯ ᠤᠨ ᠳᠤᠮᠳᠠᠬᠢ ᠴᠢᠬᠤᠯᠠ ᠶᠡᠭᠡ ᠠᠰᠠᠭᠤᠳᠠᠯ ᠢ ᠴᠠᠭ ᠲᠤᠬᠠᠢ ᠳᠤᠨᠢ ᠰᠤᠳᠤᠯᠤᠨ ᠰᠢᠢᠳᠪᠦᠷᠢᠯᠡᠵᠦ᠂ ᠠᠵᠢᠯᠴᠢᠨ ᠤ ᠡᠪᠯᠡᠯ ᠤᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ ᠳᠤ ᠰᠠᠶᠢᠨ ᠰᠠᠶᠢᠬᠠᠨ ᠨᠥᠬᠦᠴᠡᠯ ᠢ ᠪᠦᠷᠢᠯᠳᠦᠭᠦᠯᠬᠦ ᠬᠡᠷᠡᠭᠲᠡᠢ᠃          ᠨᠥᠬᠦᠳ ᠠ᠋᠂ ᠨᠠᠶᠢᠵᠠ ᠨᠠᠷ ᠠ᠋︕          100 ᠵᠢᠯ ᠤᠨ ᠡᠮᠦᠨ᠎ᠡ ᠬᠤᠶᠠᠳᠤᠭᠠᠷ ᠤᠳᠠᠭ᠎ᠠ ᠶᠢᠨ ᠪᠦᠭᠦ ᠤᠯᠤᠰ ᠤᠨ ᠬᠥᠳᠡᠯᠮᠦᠷᠢᠴᠢᠳ ᠤᠨ ᠶᠡᠭᠡ ᠬᠤᠷᠠᠯ ᠠᠮᠵᠢᠯᠲᠠ ᠲᠠᠢ ᠲᠡᠭᠦᠰᠬᠦ ᠦᠶ᠎ᠡ ᠳᠤ ︽ᠲᠡᠮᠡᠴᠡᠶ᠎ᠡ᠂ ᠲᠡᠮᠡᠴᠡᠶ᠎ᠡ᠂ ᠡᠴᠦᠰ ᠲᠤᠨᠢ ᠲᠤᠯᠲᠠᠯ᠎ᠠ ᠲᠡᠮᠡᠴᠡᠶ᠎ᠡ︾ ᠭᠡᠬᠦ ᠤᠷᠢᠶ᠎ᠠ ᠪᠦᠭᠦ ᠲᠠᠯᠠᠪᠠᠢ ᠳᠤ ᠴᠤᠤᠷᠢᠶᠠᠲᠤᠵᠤ᠂ ᠲᠦᠭ ᠲᠦᠮᠡᠨ ᠬᠥᠳᠡᠯᠮᠦᠷᠢᠴᠢᠨ ᠲᠦᠮᠡᠨ ᠤ ᠬᠦᠴᠢᠷ ᠪᠡᠷᠬᠡᠰᠢᠶᠡᠯ ᠲᠠᠢ ᠬᠤᠪᠢᠰᠬᠠᠯ ᠤᠨ ᠣᠨ ᠰᠠᠷ᠎ᠠ ᠳᠤ ᠴᠥᠬᠦᠷᠡᠰᠢ ᠦᠭᠡᠢ ᠲᠡᠮᠡᠴᠡᠵᠦ᠂ ᠡᠷᠡᠮᠡᠬᠡᠶᠢᠯᠡᠨ ᠤᠷᠤᠭᠰᠢᠯᠠᠬᠤ ᠶᠢ ᠵᠣᠷᠢᠭᠵᠢᠭᠤᠯᠵᠠᠢ᠃ ᠥᠨᠥᠳᠥᠷ ᠨᠠᠮ ᠠᠴᠠ 14 ᠳ᠋ᠦᠩᠰᠢᠭᠤᠷ ᠭᠠᠷᠤᠢ ᠠᠷᠠᠳ ᠲᠦᠮᠡᠨ ᠢ ᠤᠳᠤᠷᠢᠳᠤᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠰᠢᠨ᠎ᠡ ᠠᠶᠠᠨ ᠳᠤ ᠤᠷᠮ᠎ᠠ ᠵᠣᠷᠢᠭ ᠪᠠᠳᠠᠷᠠᠩᠭᠤᠢ ᠡᠷᠡᠯᠬᠡᠭᠯᠡᠨ ᠤᠷᠤᠭᠰᠢᠯᠠᠵᠤ ᠪᠠᠶᠢᠨ᠎ᠠ᠃ ᠴᠠᠭ ᠦᠶ᠎ᠡ ᠠᠳᠠᠯᠢ ᠦᠭᠡᠢ᠂ ᠡᠭᠦᠷᠭᠡ ᠬᠠᠷᠢᠭᠤᠴᠠᠯᠭ᠎ᠠ ᠬᠤᠪᠢᠷᠠᠯᠲᠠ ᠲᠠᠢ ᠪᠣᠯᠤᠭᠰᠠᠨ ᠪᠤᠯᠪᠠᠴᠤ ᠲᠡᠰᠪᠦᠷᠢ ᠬᠠᠲᠠᠭᠤᠵᠢᠯᠲᠠᠢ ᠲᠡᠮᠡᠴᠡᠬᠦ᠂ ᠪᠦᠯᠬᠦᠮᠳᠡᠨ ᠲᠡᠮᠡᠴᠡᠬᠦ᠂ ᠴᠥᠬᠦᠷᠡᠰᠢ ᠦᠭᠡᠢ ᠲᠡᠮᠡᠴᠡᠬᠦ ᠵᠣᠷᠢᠭ ᠰᠠᠨᠠᠭ᠎ᠠ ᠬᠡᠵᠢᠶᠡᠳᠡ ᠬᠤᠪᠢᠷᠠᠰᠢ ᠦᠭᠡᠢ ᠶᠤᠮ᠃ ᠪᠢᠳᠠ ᠨᠠᠮ ᠤᠨ ᠲᠥᠪ ᠬᠤᠷᠢᠶ᠎ᠠ ᠶᠢᠨ ᠲᠣᠭᠤᠷᠢᠨ ᠳᠤ ᠨᠡᠩ ᠨᠢᠭᠲᠠᠷᠠᠨ ᠪᠦᠯᠬᠦᠮᠳᠡᠵᠦ᠂ ᠯᠠᠪᠳᠠᠭᠤᠨ ᠪᠠᠲᠤᠲᠠᠢ ᠠᠵᠢᠯᠯᠠᠨ᠂ ᠵᠣᠷᠢᠭ ᠢᠶᠠᠨ ᠬᠥᠪᠴᠢᠯᠡᠨ ᠤᠷᠤᠭᠰᠢᠯᠠᠵᠤ᠂ ᠡᠷᠡᠯᠬᠡᠭᠯᠡᠨ ᠲᠡᠮᠡᠴᠡᠵᠦ ᠬᠤᠪᠢ ᠨᠡᠮᠡᠷᠢ ᠦᠵᠡᠭᠦᠯᠵᠦ᠂ ᠡᠭᠦᠳᠦᠨ ᠪᠦᠲᠦᠭᠡᠯᠲᠡ ᠪᠠᠷ ᠰᠢᠨ᠎ᠡ ᠴᠠᠭ ᠦᠶ᠎ᠡ ᠶᠢ ᠬᠦᠷᠢᠶᠡᠯᠡᠵᠦ᠂ ᠵᠢᠳᠬᠦᠯ ᠲᠡᠮᠡᠴᠡᠯ ᠢᠶᠠᠷ ᠭᠡᠷᠡᠯ ᠰᠠᠴᠤᠷᠠᠩᠭᠤᠢ ᠰᠢᠨ᠎ᠡ ᠠᠮᠵᠢᠯᠲᠠ ᠶᠢ ᠡᠭᠦᠳᠴᠦ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠠᠤᠭ᠎ᠠ ᠲᠥᠰᠥᠪ ᠢ ᠠᠯᠬᠤᠮ ᠠᠯᠬᠤᠮ ᠢᠶᠠᠷ ᠯᠠᠪᠳᠠᠭᠤᠨ ᠪᠠᠲᠤᠲᠠᠢ ᠪᠣᠳᠠᠲᠤ ᠠᠬᠤᠢ ᠪᠣᠯᠭᠠᠨ ᠬᠤᠪᠢᠷᠠᠭᠤᠯᠤᠶ᠎ᠠ︕
ᠢᠷᠡᠯᠲᠡ᠄ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ