ᠨᠡᠶᠢᠭᠡᠮ ᠪᠠᠶᠢᠭᠠᠯᠢ ᠶᠢᠨ ᠬᠠᠲᠠᠭᠤ ᠰᠢᠯᠭᠠᠷᠠᠯ ᠢ ᠬᠦᠯᠢᠶᠡᠵᠦ᠂ ᠣᠯᠠᠨ ᠵᠠᠭᠤᠨ ᠢ ᠥᠩᠭᠡᠷᠡᠭᠦᠯᠦᠭᠰᠡᠨ ᠪᠠᠷᠭᠤᠴᠤᠳ᠂ ᠤᠷᠲᠤ ᠤᠳᠠᠭᠠᠨ ᠲᠡᠦᠬᠡ ᠶᠢᠨ | ᠶᠠᠪᠤᠴᠠ ᠳᠠᠭᠠᠨ ᠮᠠᠰᠢ ᠣᠯᠠᠨ ᠲᠤᠷᠠᠰᠬᠠᠨ ᠲᠡᠮᠳᠡᠭᠯᠡᠭᠦᠰᠢᠲᠡᠢ ᠬᠡᠷᠡᠭ ᠶᠠᠪᠤᠳᠠᠯ ᠤᠴᠠᠷᠠᠯ ᠲᠣᠬᠢᠶᠠᠯᠳᠤᠯ ᠲᠠᠢ ᠪᠢᠯᠡ᠃ | ᠨᠢᠭᠡ᠂ ᠨᠡᠶᠢᠲᠡ ᠶᠢᠨ ᠣᠨ ᠲᠣᠭᠠᠯᠠᠯ ᠠᠴᠠ ᠡᠮᠦᠨᠡᠬᠢ ᠭᠤᠷᠪᠠᠳᠤᠭᠠᠷ ᠵᠠᠭᠤᠨ ᠤ ᠦᠶ᠎ᠡ ᠳᠤ ᠡᠷᠲᠡᠨ ᠤ ᠪᠠᠷᠭᠤ ᠬᠥᠮᠥᠨ ᠳ᠋ᠢᠩ ᠯᠢᠩ ᠭᠡᠭᠴᠢ ᠠᠶᠢᠮᠠᠭ ᠤᠨ | ᠬᠤᠯᠪᠣᠭᠠᠲᠤ ᠴᠣᠭᠴᠠ ᠳᠤ ᠣᠷᠤᠯᠴᠠᠭᠰᠠᠨ᠃ | ᠬᠤᠶᠠᠷ᠂ ᠨᠡᠶᠢᠲᠡ ᠶᠢᠨ ᠣᠨ ᠲᠣᠭᠠᠯᠠᠯ ᠤᠨ4 ᠳ᠋ᠦ᠋ᠭᠡᠷ ᠵᠠᠭᠤᠨ ᠤ ᠦᠶ᠎ᠡ᠂ ᠪᠠᠷᠭᠤᠴᠤᠳ ᠨᠢ ᠬᠢᠩᠭᠠᠨ ᠳᠠᠪᠠᠭᠠᠨ ᠤ ᠪᠠᠷᠠᠭᠤᠨ ᠪᠠᠯ ︵ᠬᠥᠯᠥᠨ ᠪᠤᠶᠢᠷ | ᠣᠷᠣᠨ︶ ᠠᠴᠠ ᠪᠤᠷᠬᠠᠨ ᠬᠠᠯᠲᠤᠨ︵ᠬᠡᠨᠲᠡᠢ ᠨᠢᠷᠤᠭᠤ︶ ᠬᠦᠷᠲᠡᠯᠡᠬᠢ ᠥᠷᠭᠡᠨ ᠠᠭᠤᠳᠠᠮ ᠨᠤᠲᠤᠭ ᠢᠶᠠᠷ ᠮᠣᠩᠴᠤᠳ ᠲᠠᠢ ᠬᠠᠮᠲᠤ ᠪᠠᠷ ᠨᠡᠭᠦᠳᠡᠯᠯᠡᠨ ᠮᠠᠯᠵᠢᠵᠤ᠂ ᠬᠡᠳᠦᠨ | ᠵᠠᠭᠤᠨ ᠵᠢᠯ ᠤᠨ ᠤᠳᠠᠭᠠᠨ ᠬᠤᠭᠤᠴᠠᠭᠠᠨ ᠳᠤ ᠾᠦᠩᠨᠦ ᠭᠦᠷᠦᠨ ᠬᠢᠭᠡᠳ ᠰᠢᠶᠠᠨᠪᠢ ᠭᠦᠷᠦᠨ ᠤ ᠬᠠᠷᠢᠶᠠᠨ ᠳᠤ ᠣᠷᠣᠵᠤ ᠶᠠᠪᠤᠭᠰᠠᠨ ᠪᠥᠭᠡᠳ ᠲᠦᠷᠦᠭᠴᠦᠳ ᠲᠠᠢ | ᠢᠵᠢᠯᠢᠰᠢᠨ ᠨᠡᠶᠢᠯᠡᠭᠰᠡᠭᠡᠷ ᠢᠷᠡᠵᠡᠢ᠃ ᠪᠠᠷᠭᠤᠴᠤᠳ ᠨᠢ ᠪᠠᠷᠤᠭ ᠵᠠᠭᠤ ᠭᠠᠷᠤᠢ ᠵᠢᠯ ᠤᠨ ᠬᠥᠭᠵᠢᠯᠲᠡ ᠶᠢ ᠳᠠᠮᠵᠢᠭᠠᠳ4 ᠳ᠋ᠦ᠋ᠭᠡᠷ ᠵᠠᠭᠤᠨ ᠤ ᠰᠡᠭᠦᠯᠴᠢ ᠪᠣᠯᠬᠤ ᠳᠤ | ᠪᠠᠶᠠᠨ ᠴᠢᠨᠡᠭᠡᠯᠢᠭ ᠠᠵᠤ ᠣᠨᠳᠤᠷᠤᠯ ᠲᠠᠢ᠂ ᠬᠦᠴᠦᠷᠬᠡᠭ ᠴᠢᠭᠢᠷᠠᠭ ᠠᠶᠢᠮᠠᠭ ᠪᠣᠯᠤᠭᠰᠠᠨ ᠮᠥᠷᠲᠡᠭᠡᠨ ᠨᠢᠭᠡᠨ ᠡᠩᠨᠡᠭᠡ ᠡᠷᠡᠯᠬᠡᠭ ᠪᠠᠭᠠᠲᠤᠷᠯᠢᠭ ᠮᠣᠷᠢᠲᠠᠳ ᠢ | ᠪᠠᠶᠢᠭᠤᠯᠤᠨ ᠪᠣᠯᠪᠠᠰᠤᠷᠠᠭᠤᠯᠵᠤ᠂ ᠠᠩ ᠭᠦᠷᠦᠭᠡ ᠳᠠᠶᠢᠨ ᠪᠠᠶᠢᠯᠳᠤᠭᠠᠨ ᠳᠤ ᠴᠠᠭᠠᠷᠠᠭᠰᠠᠨ ᠬᠥᠮᠥᠰ ᠪᠣᠯᠵᠠᠢ᠃ | ᠭᠤᠷᠪᠠ᠂ ︽ᠸᠧᠢ ᠤᠯᠤᠰ ᠤᠨ ᠪᠢᠴᠢᠭ︾ ᠲᠤ ᠠᠩᠬ᠎ᠠ︽ᠪᠠ ᠶᠧ ᠵᠢᠢ︾ ᠬᠡᠮᠡᠬᠦ ᠪᠠᠷᠭᠤᠴᠤᠳ ᠤᠨ ᠲᠤᠬᠠᠢ ᠦᠰᠦᠭ ᠪᠢᠴᠢᠭ ᠤᠨ | ᠲᠡᠮᠳᠡᠭᠯᠡᠯ︵551︱554︶ ᠪᠣᠢ ᠪᠣᠯᠪᠠ᠃ | ᠳᠥᠷᠪᠡ᠂ ᠨᠡᠶᠢᠲᠡ ᠶᠢᠨ ᠣᠨ ᠲᠣᠭᠠᠯᠠᠯ ᠤᠨ7 ᠳ᠋ᠤᠭᠠᠷ ᠵᠠᠭᠤᠨ ᠤ ᠦᠶ᠎ᠡ᠂ ᠰᠢᠤᠸᠠᠢ ᠶᠠᠨ ᠲᠦᠸᠧ ᠤᠨ ᠬᠠᠷᠢᠶᠠᠯᠠᠯ ᠳᠤ ᠪᠠᠶᠢᠭᠰᠠᠨ ᠪᠠᠷᠭᠤᠴᠤᠳ᠂ | ᠤᠶᠢᠭᠤᠷ ᠵᠡᠷᠭᠡ ᠤᠭᠰᠠᠭᠠᠲᠠᠨ ᠲᠠᠢ ᠬᠠᠮᠲᠤ ᠲᠦᠷᠦᠭ ᠬᠠᠭᠠᠨᠲᠤ ᠤᠯᠤᠰ ᠠᠴᠠ ᠤᠷᠪᠠᠭᠠᠳ᠂ ᠰᠢᠤᠸᠠᠢ ᠶᠠᠨ ᠲᠦᠸᠧ ᠬᠠᠭᠠᠨᠲᠤ ᠤᠯᠤᠰ ᠢ ᠪᠠᠶᠢᠭᠤᠯᠬᠤ ᠳᠤ | ᠳᠠᠭᠠᠯᠳᠤᠨ ᠪᠠᠶᠢᠭᠰᠠᠨ ᠢᠶᠠᠨ647 ᠣᠨ ᠳᠤ ᠲᠠᠩ ᠤᠯᠤᠰ ᠲᠤ ᠣᠷᠣᠵᠤ᠂656︱660 ᠣᠨ ᠤ ᠦᠶ᠎ᠡ ᠳᠤ ᠲᠠᠩ ᠤᠯᠤᠰ ᠠᠴᠠ ᠤᠷᠪᠠᠵᠤ᠂70︱80 ᠵᠢᠯ | ᠪᠣᠯᠵᠤ᠂ ᠲᠦᠷᠦᠭᠦᠦ ᠪᠠᠨ ᠠᠯᠠᠭᠤᠯᠤᠭᠠᠳ742︱755 ᠣᠨ ᠤ ᠦᠶ᠎ᠡ ᠳᠤ ᠳᠠᠬᠢᠨ ᠲᠠᠩ ᠤᠯᠤᠰ ᠤᠨ ᠬᠠᠷᠢᠶᠠᠯᠠᠯ ᠳᠤ ᠣᠷᠣᠵᠠᠢ᠃ | ᠲᠠᠪᠤ᠂ ᠨᠡᠶᠢᠲᠡ ᠶᠢᠨ ᠣᠨ ᠲᠣᠭᠠᠯᠠᠯ ᠤᠨ8︱12 ᠳ᠋ᠤᠭᠠᠷ ᠵᠠᠭᠤᠨ ᠤ ᠦᠶ᠎ᠡ ᠳᠤ ᠮᠣᠩᠭᠤᠯ ᠤᠨ ᠥᠨᠳᠦᠷᠯᠢᠭ ᠤᠨ︽ᠭᠤᠷᠪᠠᠨ ᠭᠦᠷᠦᠨ ᠭᠤᠷᠪᠠᠨ | ᠬᠤᠯᠪᠤᠭ᠎ᠠ︾ ᠪᠠᠶᠢᠭᠤᠯᠤᠭᠳᠠᠵᠤ᠂ ᠪᠠᠷᠭᠤᠳᠠᠢ ᠮᠡᠷᠭᠡᠨ ᠤ ᠤᠳᠤᠷᠢᠳᠤᠯᠭ᠎ᠠ ᠳᠠᠬᠢ︽ᠪᠠᠷᠭᠤᠳ ᠤᠨ ᠬᠤᠯᠪᠤᠭ᠎ᠠ︾ ᠬᠦᠴᠦᠷᠬᠡᠭᠵᠢᠨ ᠮᠠᠨᠳᠤᠪᠠ᠃ | ᠵᠢᠷᠭᠤᠭ᠎ᠠ᠂1207 ᠣᠨ ᠳᠤ᠂ ᠪᠠᠷᠭᠤ ᠶᠢᠨ ᠲᠦᠷᠦᠭᠦᠦ ᠬᠠᠲᠠᠨ ᠠᠶᠠᠨ ᠤ ᠳᠠᠭᠠᠭᠤᠯᠭ᠎ᠠ ᠪᠠᠷ ᠴᠠᠭᠠᠨ ᠰᠢᠪᠠᠭᠤᠨ ᠤ ᠪᠡᠯᠡᠭ ᠪᠠᠷᠢᠨ ᠢᠯᠭᠤᠮ | ᠰᠠᠶᠢᠬᠠᠨ ᠢᠶᠠᠷ ᠮᠣᠩᠭᠤᠯ ᠬᠠᠭᠠᠨᠲᠤ ᠤᠯᠤᠰ ᠤᠨ ᠪᠦᠷᠢᠯᠳᠦᠭᠦᠨ ᠪᠣᠯᠵᠠᠢ᠃ | ᠳᠣᠯᠤᠭ᠎ᠠ᠂1207 ᠣᠨ ᠠᠴᠠ ᠡᠬᠢᠯᠡᠨ᠂ ᠪᠠᠷᠭᠤᠴᠤᠳ ᠶᠡᠭᠡ ᠮᠣᠩᠭᠤᠯ ᠤᠨ ᠬᠠᠭᠠᠨᠲᠤ ᠲᠥᠷᠥ ᠳᠤ ᠰᠢᠳᠤᠷᠭᠤ ᠪᠠᠷ ᠵᠢᠳᠬᠦᠵᠦ᠂ ᠪᠠᠷᠭᠤᠵᠢᠨ | ᠣᠪᠣᠭ ᠤᠨ ᠪᠦᠬᠡᠴᠦ᠂ ᠠᠮᠤᠬᠠᠢ ᠲᠡᠮᠦᠷᠳᠡᠷ᠂ ᠬᠤᠳᠤᠲᠠᠢ ᠳᠥᠷᠪᠡᠨ ᠦᠶ᠎ᠡ ᠶᠢᠨ ᠪᠠᠷᠭᠤ ᠬᠥᠮᠥᠨ ᠴᠢᠩᠭᠢᠰ ᠬᠠᠭᠠᠨ᠂ ᠦᠭᠡᠳᠡᠢ ᠬᠠᠭᠠᠨ᠂ ᠮᠥᠩᠬᠡ ᠬᠠᠭᠠᠨ᠂ ᠬᠤᠪᠢᠯᠠᠢ | ᠬᠠᠭᠠᠨ ᠵᠡᠷᠭᠡ ᠮᠣᠩᠭᠤᠯ ᠤᠨ ᠳᠦᠷᠪᠡᠨ ᠦᠶ᠎ᠡ ᠶᠢᠨ ᠶᠡᠭᠡ ᠬᠠᠭᠠᠨ ᠳᠤ ᠦᠢᠯᠡᠴᠢᠯᠡᠵᠦ ᠠᠤᠭ᠎ᠠ ᠭᠠᠪᠢᠶ᠎ᠠ ᠪᠠᠶᠢᠭᠤᠯᠤᠭᠰᠠᠨ ᠶᠤᠮ᠃ | ᠨᠠᠢᠮᠠ᠂1371ᠣᠨ ᠠᠴᠠ ᠪᠠᠷᠭᠤᠴᠤᠳ ᠤᠮᠠᠷᠠᠲᠤ ᠶᠤᠸᠠᠨ ᠤᠯᠤᠰ ᠤᠨ ᠬᠠᠷᠢᠶᠠᠯᠠᠯ ᠳᠤ ᠪᠠᠶᠢᠪᠠ᠃ | ᠶᠢᠰᠦ᠂ ᠨᠡᠶᠢᠲᠡ ᠶᠢᠨ ᠣᠨ ᠲᠣᠭᠠᠯᠠᠯ ᠤᠨ15︱16 ᠳ᠋ᠤᠭᠠᠷ ᠵᠠᠭᠤᠨ ᠤ ᠦᠶ᠎ᠡ ᠳᠤ ᠪᠠᠷᠭᠤ ᠪᠤᠷᠢᠶᠠᠳ ᠨᠢ ᠳᠠᠶᠠᠨ ᠬᠠᠭᠠᠨ ᠪᠠᠲᠦᠮᠦ᠋ᠩᠬᠡ ᠪᠣᠯᠣᠨ | ᠲᠡᠭᠦᠨ ᠤ ᠦᠷ᠎ᠡ ᠠᠴᠢ ᠨᠠᠷ ᠲᠤ ᠵᠠᠬᠢᠷᠤᠭᠳᠠᠵᠤ ᠪᠠᠶᠢᠵᠠᠢ᠃ | ᠠᠷᠪᠠ᠂1628︱1666 ᠣᠨ ᠤ ᠬᠤᠭᠤᠷᠣᠨᠳᠤ᠂ ᠪᠠᠷᠭᠤ ᠪᠤᠷᠢᠶᠠᠳ ᠤᠨ ᠤᠤᠭᠠᠯ ᠨᠤᠲᠤᠭ ᠪᠠᠷᠭᠤᠵᠢᠨ ᠳᠦᠬᠦᠮ ᠬᠢᠭᠡᠳ ᠣᠶᠢᠷ᠎ᠠ ᠬᠠᠪᠢ ᠶᠢᠨ | ᠥᠩ ᠰᠢᠮᠡᠯᠢᠭ ᠪᠡᠯᠴᠢᠭᠡᠷ ᠨᠤᠲᠤᠭ ᠴᠠᠭᠠᠨ ᠣᠷᠤᠰ ᠲᠤ ᠡᠵᠡᠯᠡᠭᠳᠡᠪᠡ᠃ |