ᠮᠠᠯ ᠤᠨ ᠲᠠᠷᠭᠤ ᠪᠣᠯ ᠪᠡᠯᠴᠢᠭᠡᠷ ᠤᠨ ᠮᠠᠯ ᠤᠨ ᠦᠷᠡᠵᠢᠯᠲᠡ ᠤᠨᠳᠤᠷᠤᠯᠲᠠ᠂ ᠥᠰᠦᠯᠲᠡ ᠪᠤᠶᠢᠵᠢᠯᠲᠠ ᠶᠢᠨ ᠪᠠᠲᠤᠯᠠᠮᠵᠢ ᠪᠣᠯᠳᠠᠭ᠃ ᠨᠡᠭᠦᠳᠡᠯ ᠨᠢ | ᠪᠡᠯᠴᠢᠭᠡᠷ ᠤᠨ ᠮᠠᠯ ᠢ ᠲᠠᠷᠭᠤ ᠠᠪᠤᠭᠤᠯᠬᠤ ᠪᠠ ᠲᠠᠷᠭᠤ ᠬᠠᠮᠠᠭᠠᠯᠠᠬᠤ ᠪᠠᠷ ᠵᠣᠷᠢᠯᠭ᠎ᠠ ᠪᠣᠯᠭᠠᠭᠰᠠᠨ ᠨᠢᠭᠡᠨ ᠰᠢᠰᠲ᠋ᠧᠮᠲᠦ ᠠᠵᠢᠯᠯᠠᠭ᠎ᠠ ᠶᠤᠮ᠃ ᠡᠪᠦᠯ ᠤᠨ ᠤᠯᠠᠷᠢᠯ ᠳᠤ | ᠮᠠᠯ ᠤᠨ ᠲᠠᠷᠭᠤ ᠬᠦᠴᠦ ᠨᠡᠮᠡᠬᠦ ᠪᠣᠯᠣᠮᠵᠢ ᠦᠭᠡᠢ ᠲᠤᠯᠠ ᠤᠰᠤ᠂ ᠡᠪᠡᠰᠦ᠂ ᠬᠤᠵᠢᠷ᠂ ᠨᠥᠮᠥᠷᠢ᠂ ᠬᠡᠪᠲᠡᠷᠢ ᠶᠢ ᠵᠣᠬᠢᠴᠠᠭᠤᠯᠬᠤ ᠪᠠᠷ ᠳᠠᠮᠵᠢᠨ ᠨᠢᠭᠡᠨᠲᠡ ᠠᠪᠤᠭᠰᠠᠨ | ᠲᠣᠰᠤᠨ ᠲᠠᠷᠭᠤ ᠪᠠᠨ ᠨᠥᠭᠡᠴᠡᠯᠡᠵᠦ ᠬᠠᠳᠠᠭᠠᠯᠠᠬᠤ ᠨᠢ ᠴᠢᠬᠤᠯᠠ ᠪᠢᠯᠡ᠃ | ᠬᠠᠪᠤᠷ ᠴᠠᠰᠤ ᠬᠠᠨᠵᠠᠷᠠᠮᠠᠭᠴᠠ ᠬᠤᠭᠤᠯᠠᠲᠤ ᠪᠤᠭ ᠢᠶᠠᠷ ᠮᠠᠯ ᠢ ᠬᠥᠯᠵᠢᠭᠦᠯᠬᠦ ᠨᠢ ᠲᠠᠷᠭᠤ ᠠᠪᠬᠤ ᠦᠨᠳᠦᠰᠦᠨ ᠨᠥᠬᠦᠴᠡᠯ ᠪᠣᠯᠳᠠᠭ᠃ ᠬᠤᠭᠤᠯᠠᠲᠤ | ᠪᠤᠭ ᠢᠶᠠᠷ ᠬᠥᠯᠵᠢᠭᠰᠡᠨ ᠮᠠᠯ ᠬᠠᠪᠤᠷᠯᠢᠭ ᠵᠤᠨ ᠤ ᠦᠨᠳᠦᠰᠦᠨ ᠲᠠᠷᠭᠤ ᠶᠢ ᠰᠠᠶᠢᠨ ᠠᠪᠴᠤ ᠨᠠᠮᠤᠷ ᠤᠨ ᠲᠣᠰᠤᠨ ᠲᠠᠷᠭᠤ ᠪᠠᠷ ᠮᠢᠬ᠎ᠠ ᠨᠢ ᠠᠯᠠᠭᠯᠠᠵᠤ ᠴᠢᠮᠪᠠᠶᠢᠷᠠᠭᠠᠳ | ᠨᠥᠭᠡᠴᠡᠯᠡᠬᠦ ᠲᠠᠷᠭᠤ ᠰᠠᠭᠤᠳᠠᠭ᠃ ᠡᠶᠢᠨ ᠬᠦ ᠪᠡᠯᠴᠢᠭᠡᠷ ᠤᠨ ᠮᠠᠯ ᠤᠨ ᠳᠦᠷᠪᠡᠨ ᠤᠯᠠᠷᠢᠯ ᠤᠨ ᠲᠠᠷᠭᠤ ᠨᠢ ᠬᠠᠪᠤᠷ ᠤᠨ ᠬᠥᠯᠵᠢᠬᠦ ᠲᠠᠷᠭᠤ᠂ ᠵᠤᠨ ᠤ ᠦᠨᠳᠦᠰᠦᠨ | ᠲᠠᠷᠭᠤ᠂ ᠨᠠᠮᠤᠷ ᠤᠨ ᠲᠣᠰᠤᠨ ᠲᠠᠷᠭᠤ᠂ ᠡᠪᠦᠯ ᠤᠨ ᠨᠥᠭᠡᠴᠡᠯᠡᠬᠦ ᠲᠠᠷᠭᠤ ᠪᠠᠷ ᠡᠭᠡᠯᠵᠢᠯᠡᠨ᠂ ᠪᠡᠶ᠎ᠡ ᠳᠡᠭᠡᠨ ᠬᠠᠳᠠᠭᠠᠯᠠᠭᠰᠠᠨ ᠡᠨᠧᠷᠭᠢ ᠬᠦᠴᠦ ᠶᠢ ᠤᠯᠠᠷᠢᠭᠤᠯᠤᠨ | ᠠᠰᠢᠭᠯᠠᠵᠤ ᠴᠢᠳᠠᠳᠠᠭ᠃ |