​ᠭᠦᠵᠡᠯᠵᠡᠭᠡᠨ᠎ᠡ ᠶᠢ ᠢᠩᠭᠢᠵᠦ ᠤᠬᠢᠶᠠᠪᠠᠯ ᠰᠠᠶᠢᠨ
ᠨᠡᠶᠢᠲᠡᠯᠡᠭᠰᠡᠨ ᠴᠠᠭ᠄
2025/5/16
          ᠣᠯᠠᠩᠬᠢ ᠬᠥᠮᠥᠰ ᠪᠦᠷ ᠪᠤᠷᠤᠭᠤ ᠬᠢᠵᠦ ᠪᠠᠶᠢᠨ᠎ᠠ᠂ ᠭᠦᠵᠡᠯᠵᠡᠭᠡᠨ᠎ᠡ ᠢᠳᠡᠬᠦ ᠳᠤᠷᠠᠲᠠᠢ ᠬᠥᠮᠥᠰ ᠠᠩᠬᠠᠷᠤᠯ ᠢᠶᠠᠨ ᠬᠠᠨᠳᠤᠭᠤᠯᠤᠭᠠᠷᠠᠢ᠃          ᠭᠦᠵᠡᠯᠵᠡᠭᠡᠨ᠎ᠡ ᠢᠳᠡᠪᠡᠯ ᠶᠠᠮᠠᠷ ᠶᠠᠮᠠᠷ ᠰᠠᠶᠢᠨ ᠲᠠᠯ᠎ᠠ ᠪᠠᠶᠢᠬᠤ ᠪᠤᠢ︖ ᠭᠦᠵᠡᠯᠵᠡᠭᠡᠨ᠎ᠡ ᠨᠢ ᠡᠩ ᠤᠨ ᠵᠢᠮᠢᠰ ᠪᠢᠰᠢ ᠶᠤᠮ᠂ ᠲᠡᠭᠦᠨ ᠤ ᠰᠢᠮ᠎ᠡ ᠲᠡᠵᠢᠭᠡᠯ  ᠨᠢ ᠵᠢᠮᠢᠰ ᠤᠳ ᠤᠨ ᠳᠣᠲᠣᠷ᠎ᠠ ᠵᠣᠬᠢᠬᠤ ᠪᠠᠶᠢᠷᠢ ᠰᠠᠭᠤᠷᠢ ᠶᠢ ᠡᠵᠡᠯᠡᠵᠦ ᠪᠠᠶᠢᠳᠠᠭ᠃ ᠲᠡᠷᠡ ᠨᠢ VC ᠶᠢᠨ ᠠᠭᠤᠯᠤᠭᠳᠠᠴᠠ ᠪᠠᠷ ᠥᠨᠳᠥᠷ᠂ ᠢᠯᠴᠢ ᠪᠠᠷ ᠪᠠᠭ᠎ᠠ ᠪᠠᠶᠢᠳᠠᠭ ᠪᠣᠯᠬᠤᠷ ᠬᠤᠷᠭᠤᠰᠤᠯᠠᠬᠤ ᠶᠢ ᠰᠡᠷᠭᠡᠶᠢᠯᠡᠳᠡᠭ᠂ ᠲᠡᠷᠡᠴᠢᠯᠡᠨ ᠭᠦᠵᠡᠯᠵᠡᠭᠡᠨ᠎ᠡ ᠶᠢᠨ ᠰᠢᠬᠢᠷ ᠤᠨ ᠠᠭᠤᠯᠤᠭᠳᠠᠴᠠ ᠪᠠᠭ᠎ᠠ ᠪᠣᠯᠬᠤᠷ ᠴᠢᠰᠤᠨ ᠤ ᠰᠢᠬᠢᠷ ᠢᠶᠠᠨ ᠬᠢᠵᠠᠭᠠᠷᠯᠠᠬᠤ ᠴᠢᠬᠤᠯᠠᠲᠠᠢ ᠬᠥᠮᠥᠰ ᠢᠳᠡᠬᠦ ᠳᠤ ᠲᠣᠬᠢᠷᠠᠨ᠎ᠠ᠃ ᠲᠡᠭᠡᠪᠡᠯ ᠭᠦᠵᠡᠯᠵᠡᠭᠡᠨ᠎ᠡ ᠶᠢ ᠶᠠᠭᠠᠬᠢᠵᠤ ᠴᠡᠪᠡᠷᠬᠡᠨ ᠤᠬᠢᠶᠠᠬᠤ ᠪᠤᠢ︖ᠤᠷᠤᠰᠬᠠᠯ ᠤᠰᠤ ᠪᠤᠶᠤ ᠲᠦᠭᠡᠭᠡᠯ ᠤᠰᠤ ᠪᠠᠷ ᠤᠬᠢᠶᠠᠪᠠᠯ ᠲᠡᠭᠦᠨ ᠤ ᠳᠡᠭᠡᠷ᠎ᠡ ᠨᠠᠭᠠᠯᠳᠤᠭᠰᠠᠨ 19.8% -68.1% ᠶᠢᠨ ᠲᠠᠷᠢᠶᠠᠨ ᠡᠮ ᠤᠨ ᠦᠯᠡᠳᠡᠭᠳᠡᠯ ᠢ ᠠᠷᠢᠯᠭᠠᠵᠤ ᠲᠡᠶᠢᠯᠦᠨ᠎ᠡ᠂ ᠪᠠᠰᠠ ᠣᠽᠣᠨ ᠢᠶᠠᠷ ᠤᠬᠢᠶᠠᠪᠠᠯ 36.1% - 75.1% ᠶᠢᠨ ᠲᠠᠷᠢᠶᠠᠨ ᠡᠮ ᠤᠨ ᠦᠯᠡᠳᠡᠭᠳᠡᠯ ᠢ ᠠᠷᠢᠯᠭᠠᠵᠤ ᠲᠡᠶᠢᠯᠦᠨ᠎ᠡ᠂ ᠪᠠᠰᠠ ᠭᠡᠲᠦ ᠳᠠᠭᠤᠨ ᠳᠣᠯᠭᠢᠶᠠᠨ ᠢᠶᠠᠷ ᠲᠠᠷᠢᠶᠠᠨ ᠡᠮ ᠤᠨ ᠦᠯᠡᠳᠡᠭᠳᠡᠯ ᠢ ᠤᠬᠢᠶᠠᠨ ᠴᠡᠪᠡᠷᠯᠡᠪᠡᠯ ᠦᠷ᠎ᠡ ᠪᠦᠲᠦᠮᠵᠢ ᠪᠠᠷ ᠨᠠᠩ ᠰᠠᠶᠢᠨ ᠪᠠᠶᠢᠳᠠᠭ ᠪᠥᠭᠡᠳ 91.2% ᠤᠨ ᠲᠠᠷᠢᠶᠠᠨ ᠦᠯᠡᠳᠡᠭᠳᠡᠯ ᠢ ᠠᠷᠢᠯᠭᠠᠵᠤ ᠲᠡᠶᠢᠯᠦᠨ᠎ᠡ᠃ ᠭᠦᠵᠡᠯᠵᠡᠭᠡᠨ᠎ᠡ ᠶᠢ ᠤᠬᠢᠶᠠᠬᠤ ᠦᠶ᠎ᠡ ᠳᠤ ᠭᠦᠵᠡᠯᠵᠡᠭᠡᠨ᠎ᠡ ᠶᠢᠨ ᠨᠠᠪᠴᠢᠨ ᠤᠭ ᠢ ᠪᠢᠲᠡᠭᠡᠢ ᠠᠪᠴᠤ ᠬᠠᠶᠠᠭᠠᠷᠠᠢ᠃ ᠭᠦᠵᠡᠯᠵᠡᠭᠡᠨ᠎ᠡ ᠶᠢᠨ ᠨᠠᠪᠴᠢᠨ ᠤᠭ ᠢ ᠠᠪᠴᠤ ᠬᠠᠶᠠᠭᠰᠠᠨ ᠤ ᠳᠠᠷᠠᠭ᠎ᠠ ᠭᠦᠵᠡᠯᠵᠡᠭᠡᠨ᠎ᠡ ᠶᠢ ᠳᠡᠪᠲᠦᠭᠡᠬᠦ ᠳᠤ ᠭᠦᠷᠪᠡᠯ ᠲᠠᠷᠢᠶᠠᠨ ᠡᠮ ᠤᠨ ᠦᠯᠡᠳᠡᠭᠳᠡᠯ ᠨᠡᠩ ᠥᠨᠳᠥᠷ ᠪᠣᠯᠣᠨ᠎ᠠ᠂ ᠬᠠᠷᠢᠨ ᠭᠦᠵᠡᠯᠵᠡᠭᠡᠨ᠎ᠡ ᠶᠢᠨ ᠨᠠᠪᠴᠢᠨ ᠤᠭ ᠢ ᠠᠪᠴᠤ ᠬᠠᠶᠠᠬᠤ ᠦᠭᠡᠢ ᠪᠠᠷ ᠳᠡᠪᠲᠦᠭᠡᠪᠡᠯ ᠲᠠᠷᠢᠶᠠᠨ ᠡᠮ ᠤᠨ ᠦᠯᠡᠳᠡᠭᠳᠡᠯ ᠬᠠᠷᠢᠴᠠᠩᠭᠤᠢ ᠪᠠᠷ ᠪᠠᠭ᠎ᠠ ᠪᠠᠶᠢᠳᠠᠭ᠃ ᠭᠦᠵᠡᠯᠵᠡᠭᠡᠨ᠎ᠡ ᠶᠢᠨ ᠳᠣᠲᠣᠭᠠᠳᠤ ᠪᠦᠲᠦᠴᠡ ᠨᠢ ᠨᠡᠯᠢᠶᠡᠳ ᠲᠦᠭᠦᠮ ᠪᠠᠶᠢᠳᠠᠭ ᠪᠥᠭᠡᠳ ᠭᠦᠵᠡᠯᠵᠡᠭᠡᠨ᠎ᠡ ᠶᠢᠨ ᠨᠠᠪᠴᠢᠨ ᠤᠭ ᠢ ᠠᠪᠴᠤ ᠬᠠᠶᠠᠪᠠᠯ ︵ᠬᠡᠷᠴᠢᠬᠦ︶᠂ ᠭᠦᠵᠡᠯᠵᠡᠭᠡᠨ᠎ᠡ ᠶᠢᠨ ᠳᠣᠲᠣᠷᠠᠬᠢ ᠨᠢ ᠶᠠᠭ ᠯᠠ ᠠᠮᠠ ᠶᠢ ᠨᠢ ᠨᠡᠭᠡᠭᠡᠭᠰᠡᠨ ︽ᠰᠠᠪᠠ︾ ᠰᠢᠭ᠋ ᠪᠠᠶᠢᠳᠠᠭ ᠪᠣᠯᠬᠤᠷ ᠲᠡᠭᠦᠨ ᠤ ᠥᠩᠭᠡᠨ ᠲᠠᠯ᠎ᠠ ᠳᠤᠨᠢ ᠨᠠᠭᠠᠯᠳᠤᠭᠰᠠᠨ ᠶᠠᠭᠤᠮᠠᠰ ᠨᠢ ᠭᠦᠵᠡᠯᠵᠡᠭᠡᠨ᠎ᠡ ᠶᠢᠨ ᠳᠣᠲᠣᠷ᠎ᠠ ᠣᠷᠣᠳᠠᠭ᠂ ᠡᠶᠢᠮᠦ ᠠᠴᠠ ᠤᠬᠢᠶᠠᠬᠤ ᠲᠤᠳᠤᠮ ᠤᠯᠠᠮ ᠪᠤᠵᠠᠷ ᠪᠣᠯᠵᠤ ᠮᠠᠭᠠᠳ ᠦᠭᠡᠢ᠃ ᠶᠡᠷᠦ ᠶᠢᠨ ᠴᠠᠭ ᠲᠤ ᠭᠦᠵᠡᠯᠵᠡᠭᠡᠨ᠎ᠡ ᠶᠢ ᠤᠬᠢᠶᠠᠬᠤ ᠳᠤ ᠲᠦᠭᠡᠭᠡᠯ ᠤᠰᠤ ᠪᠠᠷ ᠤᠬᠢᠶᠠᠭᠰᠠᠨ ᠤ ᠳᠠᠷᠠᠭ᠎ᠠ ᠴᠡᠪᠡᠷ ᠤᠰᠤ᠂ ᠳᠠᠪᠤᠰᠤ ᠲᠠᠢ ᠤᠰᠤ ᠪᠤᠶᠤ ᠪᠤᠳᠠᠭ᠎ᠠ ᠤᠬᠢᠶᠠᠭᠰᠠᠨ ᠤᠰᠤ ᠪᠠᠷ 5 ᠮᠢᠨᠦ᠋ᠲ ᠳᠡᠪᠲᠦᠭᠡᠭᠡᠳ ᠳᠠᠭᠢᠨ ᠨᠢᠭᠡ ᠤᠳᠠᠭ᠎ᠠ ᠤᠰᠤ ᠪᠠᠷ ᠤᠬᠢᠶᠠᠪᠠᠯ ᠪᠣᠯᠴᠢᠬᠠᠨ᠎ᠠ᠃          ︵︽ᠠᠷᠠᠳ ᠤᠨ ᠰᠦᠯᠵᠢᠶ᠎ᠡ︾ ᠠᠴᠠ ᠨᠠᠶᠢᠷᠠᠭᠤᠯᠤᠨ ᠠᠪᠤᠪᠠ︶ 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ