ᠡᠨᠡ ᠭᠤᠷᠪᠠᠨ ᠭᠠᠵᠠᠷ ᠠᠴᠠ ᠬᠦᠯᠦᠰᠦ ᠭᠠᠷᠬᠤ ᠠᠴᠠ ᠬᠡᠷᠰᠡᠦᠯᠡᠭᠡᠷᠡᠢ︕ ᠪᠡᠶ᠎ᠡ ᠳᠤ ᠴᠢᠨᠢ ᠰᠡᠷᠡᠮᠵᠢᠯᠡᠭᠦᠯᠵᠦ ᠪᠠᠶᠢᠬᠤ ᠮᠠᠭᠠᠳ᠃ | ᠭᠠᠷ ᠬᠥᠯ ᠠᠴᠠ ᠠᠮᠠᠷᠬᠠᠨ ᠬᠥᠯᠥᠰᠥ ᠭᠠᠷᠬᠤ | ᠬᠥᠯ ᠠᠴᠠ ᠬᠥᠯᠥᠰᠥ ᠭᠠᠷᠬᠤ ᠨᠢ ᠬᠡᠢ ᠬᠠᠯᠠᠭᠤᠨ ᠶᠡᠬᠡᠳᠡᠭᠰᠡᠨ ᠤ ᠢᠯᠡᠷᠡᠯ ᠪᠠᠶᠢᠵᠤ ᠮᠡᠳᠡᠨ᠎ᠡ᠃ | ᠦᠷᠬᠦᠯᠵᠢ ᠬᠤᠭᠤᠯᠠᠢ ᠬᠠᠭᠤᠷᠠᠶᠢᠰᠢᠬᠤ᠂ ᠨᠤᠶᠢᠷ ᠬᠤᠯᠵᠢᠬᠤ ᠪᠠᠶᠢᠳᠠᠯ ᠭᠠᠷᠳᠠᠭ᠃ | ᠡᠪᠡᠳᠴᠢᠨ ᠤ ᠢᠯᠡᠷᠡᠯ ᠰᠢᠨᠵᠢ᠄ ᠠᠮᠠ ᠬᠠᠲᠠᠵᠤ ᠬᠡᠯᠡ ᠪᠠᠨ ᠬᠠᠭᠤᠷᠠᠶᠢᠰᠢᠬᠤ᠂ ᠵᠡᠬᠦᠳᠦ ᠵᠡᠬᠦᠳᠦᠯᠡᠵᠦ ᠨᠦᠢᠷ ᠬᠤᠯᠵᠢᠬᠤ᠂ ᠰᠠᠨᠠᠭ᠎ᠠ ᠵᠣᠪᠠᠵᠦ | ᠠᠮᠠᠷᠬᠠᠨ ᠠᠭᠤᠷᠯᠠᠬᠤ᠂ ᠰᠥᠨᠢ ᠬᠥᠯᠥᠰᠥ ᠭᠠᠷᠤᠨ᠎ᠠ᠃ | ᠭᠤᠶ᠎ᠠ ᠴᠢᠪᠢ ᠶᠢᠨ ᠬᠡᠰᠡᠭ ᠠᠴᠠ ᠠᠮᠠᠷᠬᠠᠨ ᠬᠥᠯᠥᠰᠥ ᠭᠠᠷᠬᠤ | ᠭᠤᠶ᠎ᠡ ᠴᠢᠪᠢ ᠶᠢᠨ ᠬᠡᠰᠡᠭ ᠠᠴᠠ ᠬᠦᠯᠦᠰᠦ ᠭᠠᠷᠬᠤ ᠨᠢ ᠡᠯᠢᠭᠡᠨ ᠳᠤ ᠬᠠᠯᠠᠭᠤᠨ ᠰᠠᠭᠤᠬᠰᠠᠨ ᠠᠴᠠ ᠪᠤᠯᠤᠬᠰᠠᠨ ᠪᠠᠶᠢᠵᠤ ᠮᠡᠳᠡᠨ᠎ᠡ᠂ ᠦᠷᠬᠦᠯᠵᠢ ᠪᠡᠯᠭᠡ | ᠶᠢᠨ ᠬᠡᠰᠡᠭ ᠴᠢᠬᠢᠭᠳᠦᠵᠦ ᠰᠢᠭᠡᠬᠦ ᠨᠢ ᠴᠦᠭᠡᠨ ᠪᠠᠶᠢᠳᠠᠯ ᠭᠠᠷᠳᠠᠭ᠃ | ᠡᠪᠡᠳᠴᠢᠨ ᠤ ᠢᠯᠡᠷᠡᠯ ᠰᠢᠨᠵᠢ᠄ ᠪᠡᠯᠭᠡ ᠶᠢᠨ ᠬᠡᠰᠡᠭ ᠴᠢᠬᠢᠭᠳᠦᠵᠦ ᠵᠠᠭᠠᠲᠤᠨᠠᠬᠤ᠂ ᠰᠢᠭᠡᠬᠦ ᠨᠢ ᠴᠦᠭᠡᠨ᠂ ᠰᠢᠭᠡᠰᠦ ᠨᠢ ᠰᠢᠷ᠎ᠠ ᠪᠠᠶᠢᠳᠠᠭ ᠵᠡᠷᠭᠡ ᠢᠯᠡᠷᠡᠯ | ᠰᠢᠨᠵᠢ ᠲᠠᠢ ᠪᠠᠶᠢᠳᠠᠭ᠃ | ᠬᠠᠮᠠᠷ ᠤᠨ ᠦᠵᠦᠬᠦᠷ ᠠᠴᠠ ᠠᠮᠠᠷᠬᠠᠨ ᠬᠥᠯᠥᠰᠥ ᠭᠠᠷᠬᠤ | ᠬᠠᠮᠠᠷ ᠤᠨ ᠦᠵᠦᠬᠦᠷ ᠠᠴᠠ ᠠᠮᠠᠷᠬᠠᠨ ᠬᠥᠯᠥᠰᠥ ᠭᠠᠷᠬᠤ ᠨᠢ ᠳᠡᠯᠢᠭᠦᠦ ᠲᠠᠮᠢᠷ ᠮᠠᠭᠤ ᠠᠴᠠ ᠪᠤᠯᠤᠬᠰᠠᠨ ᠪᠠᠶᠢᠵᠤ ᠮᠡᠳᠡᠨ᠎ᠡ᠃ | ᠡᠪᠡᠳᠴᠢᠨ ᠤ ᠢᠯᠡᠷᠡᠯ ᠰᠢᠨᠵᠢ᠄ ᠲᠠᠷᠬᠠᠯᠠᠭ᠎ᠠ ᠨᠡᠯᠢᠶᠡᠳ ᠠᠨᠠᠶ᠂ ᠲᠠᠮᠢᠷᠳᠠᠬᠤ᠂ ᠠᠮᠠᠷᠬᠠᠨ ᠲᠠᠭᠰᠢᠭᠤᠷ ᠬᠦᠷᠬᠦ ᠵᠡᠷᠭᠡ ᠢᠯᠡᠷᠡᠯ ᠰᠢᠨᠵᠢ ᠲᠠᠢ ᠪᠠᠶᠢᠳᠠᠭ᠃ |