ᠪᠠᠷᠭᠤ ᠠᠷᠠᠳ ᠤᠨ ᠤᠷᠠᠨ ᠵᠢᠷᠤᠭᠠᠴᠢᠳ ᠤᠨ ᠪᠦᠲᠦᠭᠡᠯ ᠨᠢ ᠭᠤᠣᠯᠳᠠᠭᠤ ᠲᠠᠪᠤᠨ ᠬᠤᠰᠢᠭᠤ ᠮᠠᠯ ᠪᠠ ᠮᠠᠯᠴᠢᠳ᠂ ᠪᠠᠶᠢᠭᠠᠯᠢ ᠶᠢᠨ ᠦᠵᠡᠭᠳᠡᠯ ᠢᠶᠠᠷ | ᠰᠡᠳᠦᠪᠯᠡᠭᠰᠡᠨ ᠪᠠᠶᠢᠵᠤ᠂ ᠦᠢᠯᠡ ᠬᠥᠳᠡᠯᠭᠡᠭᠡᠨ ᠤ ᠢᠯᠡᠳᠬᠡᠮᠵᠢ ᠪᠠᠷ ᠠᠮᠢᠯᠠᠭᠤᠯᠳᠠᠭ᠃ ᠰᠢᠨ᠎ᠡ ᠪᠠᠷᠭᠤ ᠪᠠᠷᠠᠭᠤᠨ ᠬᠤᠰᠢᠭᠤᠨ ᠤ ᠴᠣᠴᠤᠯᠢᠭ ᠣᠪᠣᠭ ᠤᠨ ᠵᠠᠨᠵᠠ ᠶᠢᠨ | ᠭᠠᠸᠠ ᠭᠤᠸᠠᠢ70 ᠨᠠᠰᠤᠨ ᠤ ᠪᠠᠨ ᠥᠨᠳᠥᠷ ᠲᠤ᠂ ᠪᠠᠷᠠᠭᠤᠨ ᠠᠴᠠ ᠵᠡᠭᠦᠨᠰᠢ ᠠᠯᠳᠠᠯᠠᠨ ᠤᠷᠤᠰᠤᠭᠰᠠᠨ ᠬᠡᠷᠦᠯᠦᠨ ᠭᠤᠣᠯ᠂ ᠴᠡᠩᠬᠡᠷᠯᠡᠨ ᠳᠠᠪᠠᠯᠭᠠᠯᠠᠬᠤ ᠬᠥᠯᠥᠨ | ᠳᠠᠯᠠᠢ ᠳᠤ ᠴᠢᠳᠬᠤᠯᠠᠵᠤ ᠪᠠᠶᠢᠭ᠎ᠠ ᠨᠠᠷᠠᠨ ᠮᠠᠨᠳᠤᠭᠰᠠᠨ ᠳᠣᠷᠤᠨ᠎ᠠ ᠵᠦᠭ ᠲᠤ᠂ ᠪᠠᠷᠭᠤ ᠶᠢᠨ ᠠᠷᠠᠳ ᠲᠦᠮᠡᠨ ᠤ ᠬᠤᠪᠢ ᠵᠠᠶᠠᠭ᠎ᠠ ᠶᠢ ᠬᠤᠷᠤᠶᠢᠯᠠᠭᠰᠠᠨ ᠵᠢᠷᠭᠤᠭᠠᠨ | ᠮᠣᠷᠢᠲᠠᠨ ᠳᠠᠪᠬᠢᠭᠤᠯᠵᠤ ᠶᠠᠪᠤᠭ᠎ᠠ ᠵᠢᠷᠤᠭ ᠢ ᠤᠷᠠᠯᠠᠨ ᠪᠦᠲᠦᠭᠡᠵᠦ᠂ ᠰᠢᠨ᠎ᠡ ᠪᠠᠷᠭᠤᠴᠤᠳ ᠤᠨ ᠬᠥᠯᠥᠨ ᠪᠤᠶᠢᠷ ᠨᠤᠲᠤᠭ ᠲᠠᠭᠠᠨ ᠬᠠᠷᠢᠵᠤ ᠢᠷᠡᠭᠰᠡᠨ270 ᠵᠢᠯ ᠤᠨ | ᠦᠪᠡᠳᠡᠭᠰᠢ ᠣᠢ ᠶᠢᠨ ᠬᠦᠨᠳᠦ ᠪᠡᠯᠡᠭ ᠪᠣᠯᠭᠠᠭᠰᠠᠨ ᠪᠢᠯᠡ᠃ | ᠡᠵᠡᠳ ᠣᠪᠣᠭ ᠤᠨ ᠱᠠᠭᠳᠠᠷ ᠤᠨ ᠴᠣᠶᠢᠳᠤᠭ᠂ ᠳᠣᠯᠤᠭᠠᠨ ᠨᠠᠰᠤᠲᠠᠢ ᠳᠠᠭᠠᠨ ᠰᠠᠬᠢᠯ ᠵᠠᠯᠠᠵᠤ ᠯᠠᠮᠠ ᠪᠣᠯᠣᠭᠠᠳ ᠠᠰᠠᠷ ᠰᠦᠮ᠎ᠡ ᠳᠤ ᠱᠠᠪᠢᠯᠠᠨ ᠰᠠᠭᠤᠵᠤ᠂ | ᠲᠥᠪᠡᠳ ᠨᠣᠮ ᠵᠢᠭᠠᠯᠭᠠᠵᠤ ᠰᠠᠶᠢᠨ ᠰᠤᠷᠤᠭᠰᠠᠨ ᠪᠥᠭᠡᠳ ᠪᠠᠭ᠎ᠠ ᠠᠴᠠ ᠪᠠᠨ ᠰᠡᠴᠡᠨ ᠰᠡᠷᠭᠦᠯᠡᠩ᠂ ᠭᠠᠷ ᠤᠷᠠᠨ ᠬᠡᠦᠬᠡᠳ ᠪᠠᠶᠢᠭᠰᠠᠨ ᠪᠣᠯᠬᠤᠷ ᠵᠢᠷᠤᠵᠤ ᠤᠷᠠᠯᠠᠬᠤ᠂ | ᠰᠡᠶᠢᠯᠵᠦ ᠪᠦᠲᠦᠭᠡᠬᠦ ᠳᠡᠭᠡᠨ ᠣᠨᠴᠠᠭᠠᠢ ᠡᠷᠳᠡᠮ ᠲᠠᠢ ᠬᠤᠸᠠᠷᠠᠭ ᠪᠠᠶᠢᠵᠠᠢ᠃ ᠲᠡᠷᠡ ᠮᠣᠩᠭᠤᠯ ᠬᠢᠲᠠᠳ ᠤᠷᠠᠴᠤᠳ ᠢ ᠪᠠᠭᠰᠢ ᠰᠢᠲᠦᠵᠦ᠂ ᠵᠢᠷᠤᠵᠤ ᠰᠡᠶᠢᠯᠬᠦ | ᠮᠡᠷᠭᠡᠵᠢᠯ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠦᠭᠰᠡᠭᠡᠷ ᠢᠳᠡ ᠵᠠᠯᠠᠭᠤ ᠨᠠᠰᠤᠨ ᠳᠠᠭᠠᠨ ᠨᠠᠷᠠᠲᠠᠢ ᠤᠷᠠᠨ ᠵᠢᠷᠤᠭᠴᠢᠨ ᠪᠣᠯᠵᠤ᠂ ᠬᠥᠯᠥᠨ ᠪᠤᠶᠢᠷ ᠲᠤ︽ᠵᠢᠷᠭᠤᠭᠠᠨ | ᠴᠣᠶᠢᠳᠤᠭ︾ ᠬᠡᠮᠡᠨ ᠠᠯᠳᠠᠷᠰᠢᠵᠠᠢ᠃ ᠲᠡᠭᠡᠭᠡᠳ ᠲᠡᠷᠡ ᠦᠷᠬᠦᠯᠵᠢ ᠰᠦᠮ᠎ᠡ ᠬᠡᠶᠢᠳ ᠲᠤ ᠵᠠᠯᠠᠭᠳᠠᠨ ᠶᠠᠪᠤᠵᠤ᠂ ᠣᠶᠢᠷ᠎ᠠ ᠣᠷᠴᠢᠮ ᠤᠨ ᠰᠦᠮ᠎ᠡ ᠬᠡᠶᠢᠳ ᠤᠨ ᠪᠤᠷᠬᠠᠨ ᠢ | ᠪᠠᠷᠤᠭ ᠪᠦᠷ ᠵᠢᠷᠤᠵᠤ ᠪᠦᠲᠦᠭᠡᠭᠰᠡᠨ ᠭᠡᠳᠡᠭ᠃ | ᠪᠠᠷᠭᠤ ᠵᠢᠷᠤᠭ ᠤᠨ ᠣᠨᠴᠠᠯᠢᠭ ᠨᠢ ᠠᠮᠢᠳᠤᠷᠠᠯ ᠤᠨ ᠦᠨᠡᠨ ᠢ ᠲᠡᠷᠡ ᠬᠡᠪ ᠢᠶᠠᠷ ᠢᠯᠡᠳᠬᠡᠬᠦ ᠪᠠ ᠬᠡᠶᠢᠰᠪᠦᠷᠢᠯᠡᠨ ᠤᠷᠠᠯᠠᠵᠤ᠂ ᠠᠮᠢᠳᠤᠷᠠᠯ ᠢ ᠭᠤᠶᠤᠵᠤ | ᠴᠢᠮᠡᠭᠯᠡᠬᠦ ᠪᠠᠷ ᠵᠣᠷᠢᠯᠲᠠ ᠪᠣᠯᠭᠠᠭᠰᠠᠨ ᠪᠠᠶᠢᠳᠠᠭ᠃ ᠪᠠᠷᠭᠤ ᠪᠦᠬᠡ ᠶᠢ ︽ᠲᠣᠯᠢᠶᠠᠲᠤ ᠪᠦᠬᠡ︾ ᠭᠡᠳᠡᠭ᠃ ᠪᠠᠷᠭᠤ ᠪᠦᠬᠡ ᠶᠢᠨ ᠳᠤᠯᠢᠶ᠎ᠠ ᠳᠤ ᠯᠤᠤ᠂ ᠭᠠᠷᠤᠳᠢ᠂ ᠠᠷᠰᠯᠠᠨ᠂ | ᠪᠠᠷᠰ ᠳᠦᠷᠪᠡᠨ ᠬᠦᠴᠦᠲᠡᠨ ᠢ ᠵᠢᠷᠤᠭᠰᠠᠨ ᠪᠠᠶᠢᠳᠠᠭ᠃ ᠡᠨᠡ ᠨᠢ ᠪᠦᠬᠡ ᠪᠠᠨ ᠳᠦᠷᠪᠡᠨ ᠬᠦᠴᠦᠲᠡᠨ ᠮᠡᠲᠦ ᠳᠡᠶᠢᠯᠦᠭᠳᠡᠰᠢ ᠦᠭᠡᠢ ᠴᠢᠳᠠᠯ ᠲᠡᠩᠬᠡᠭᠡ ᠲᠠᠢ ᠪᠠᠶᠢᠬᠤ ᠶᠢ | ᠵᠥᠩᠨᠡᠭᠰᠡᠨ ᠪᠡᠯᠭᠡᠳᠡᠯ ᠤᠨ ᠤᠳᠬ᠎ᠠ ᠲᠠᠢ ᠶᠤᠮ᠃ | ᠪᠠᠷᠭᠤᠴᠤᠳ ᠭᠡᠷ ᠢᠶᠠᠨ ᠶᠡᠭᠡ ᠳᠡᠭᠡᠳᠦᠯᠡᠵᠦ᠂ ᠲᠣᠭᠤᠨᠣ ᠪᠠᠨ ᠡᠭᠦᠯᠡᠨ ᠬᠡ ᠪᠠᠷ ᠤᠷᠠᠯᠠᠨ ᠪᠣᠳᠤᠵᠤ᠂ ︽ᠲᠡᠭᠷᠢ ᠶᠢᠨ ᠤᠷᠲᠤ︾ ᠭᠡᠵᠦ ᠰᠡᠳᠬᠢᠯ ᠤᠨ | ᠭᠦᠨ ᠳᠡᠭᠡᠨ ᠥᠪᠡᠷ ᠤᠨ ᠰᠠᠭᠤᠴᠠ ᠪᠠᠨ ᠪᠠᠭ᠋ᠠᠷᠠᠨ ᠪᠢᠰᠢᠷᠡᠵᠦ ᠪᠠᠶᠢᠳᠠᠭ᠃ ᠮᠣᠩᠭᠤᠯ ᠭᠡᠷ ᠤᠨ ᠣᠯᠠᠩᠬᠢ ᠡᠳ᠋ᠯᠡᠯ ᠤᠨ ᠵᠢᠷᠤᠭ ᠢ ᠪᠠᠷᠤᠭ ᠪᠦᠷ ᠬᠠᠰ ᠲᠡᠮᠳᠡᠭ ᠢᠶᠠᠷ | ᠬᠦᠪᠡᠭᠡᠯᠡᠭᠰᠡᠨ ᠪᠥᠭᠡᠳ ᠥᠨᠴᠥᠭ ᠢ ᠨᠢ ᠰᠦᠯᠵᠢᠮᠡᠯ ᠥᠯᠵᠡᠢ ᠤᠲᠠᠰᠤ ᠪᠠᠷ ᠤᠷᠠᠯᠠᠭᠰᠠᠨ ᠪᠠᠶᠢᠳᠠᠭ᠃ ᠮᠣᠩᠭᠤᠯ ᠭᠡᠷ ᠤᠨ ᠢᠶᠠᠨ ᠮᠣᠳᠣᠨ ᠡᠭᠦᠳᠡ ᠶᠢ ᠥᠯᠵᠡᠢ | ᠤᠲᠠᠰᠤ ᠪᠣᠯᠣᠨ ᠳᠤᠭᠤᠢ ᠬᠡ ᠪᠠᠷ ᠤᠷᠠᠯᠠᠨ᠂ ᠦᠷᠦᠭᠡ ᠭᠡᠷ ᠤᠨ ᠢᠶᠠᠨ ᠡᠳᠦᠷ ᠪᠣᠯᠭᠠᠨ ᠥᠭᠡᠳᠡ ᠡᠰᠡᠷᠡᠭ ᠪᠠᠶᠢᠬᠤ ᠶᠢ ᠪᠡᠯᠭᠡᠳᠡᠳᠡᠭ᠃ ᠪᠠᠷᠭᠤ ᠠᠶᠢᠯ ᠤᠨ ᠭᠡᠷ | ᠳᠣᠲᠣᠷᠠᠬᠢ ᠠᠪᠳᠠᠷ᠎ᠠ ᠬᠤᠷᠭᠤ᠂ ᠣᠷᠣ᠂ ᠰᠢᠷᠡᠭᠡᠨ ᠤ ᠭᠤᠶᠣᠯᠠᠯ ᠨᠢ ᠪᠦᠷ ᠠᠳᠠᠯᠢ ᠪᠤᠰᠤ ᠳᠦᠷᠰᠦ ᠬᠡᠯᠪᠡᠷᠢ ᠶᠢᠨ ᠤᠷᠠᠨ ᠵᠢᠷᠤᠭ ᠪᠠ ᠥᠩᠭᠡ ᠪᠤᠳᠤᠭ ᠲᠠᠢ ᠪᠠᠶᠢᠳᠠᠭ᠃ | ᠪᠤᠷᠬᠠᠨ ᠤ ᠡᠳ᠋ᠯᠡᠯ ᠲᠠᠬᠢᠯ ᠤᠨ ᠰᠢᠷᠡᠭᠡ ᠨᠢ ᠭᠤᠣᠯᠳᠠᠭᠤ ᠡᠭᠦᠯᠡ ᠡᠷᠭᠦᠭᠰᠡᠨ᠂ ᠠᠭᠤᠯᠠ ᠤᠰᠤ ᠳᠡᠪᠢᠰᠬᠡᠷᠯᠡᠭᠰᠡᠨ ᠨᠠᠷᠠᠨ ᠰᠠᠷᠠᠨ ᠤ ᠵᠢᠷᠤᠭ᠂ ᠲᠤᠩ ᠯᠠᠪᠠᠢ ᠪᠠᠶᠢᠵᠤ︔ | ᠲᠣᠭᠤᠭᠠᠨ ᠤ ᠰᠢᠷᠡᠭᠡ᠂ ᠠᠶᠠᠭᠠᠨ ᠤ ᠰᠢᠷᠡᠭᠡ᠂ ᠬᠥᠨᠥᠭ ᠰᠠᠪᠠ ᠶᠢᠨ ᠲᠠᠯᠪᠢᠭᠤᠷ᠂ ᠠᠶᠠᠭ᠎ᠠ ᠰᠠᠪᠠ ᠶᠢᠨ ᠲᠠᠭᠲᠤ ᠨᠢ ᠪᠦᠷᠢᠨ ᠰᠠᠶᠢᠨ ᠢ ᠪᠡᠯᠭᠡᠳᠡᠭᠰᠡᠨ ᠬᠢᠲᠠᠳ︽富︾ | ᠦᠰᠦᠭ ᠤᠨ ᠳᠤᠭᠤᠢ ᠬᠡ᠂ ᠡᠪᠲᠦ ᠳᠦᠷᠪᠡᠨ ᠠᠮᠢᠲᠠᠨ᠂ ᠥᠯᠵᠡᠢ ᠤᠲᠠᠰᠤ᠂ ᠡᠭᠦᠯᠡ ᠣᠷᠢᠶᠠᠭᠰᠠᠨ ᠠᠭᠤᠯᠠ ᠤᠰᠤᠨ ᠤ ᠵᠢᠷᠤᠭ ᠪᠠᠶᠢᠳᠠᠭ᠃ ᠪᠠᠷᠭᠤᠴᠤᠳ ᠰᠢᠨ᠎ᠡ | ᠭᠡᠷ ᠤᠨ ᠣᠷᠣ ᠶᠢ ᠶᠡᠭᠡ ᠪᠡᠯᠭᠡᠳᠡᠵᠦ᠂ ᠦᠷ᠎ᠡ ᠶᠢᠨ ᠬᠤᠲᠤᠭ ᠥᠨᠢᠷ ᠥᠳᠬᠡᠨ᠂ ︽ᠬᠦᠨᠵᠢᠯᠡ ᠳᠦᠭᠦᠷᠡᠩ ᠬᠡᠦᠬᠡᠳ ᠲᠠᠢ᠂ ᠬᠥᠨᠳᠡᠢ ᠳᠦᠭᠦᠷᠡᠩ ᠮᠠᠯ ᠲᠠᠢ︾ ᠪᠣᠯᠬᠤ ᠶᠢ | ᠢᠷᠦᠭᠡᠨ ᠪᠡᠯᠭᠡᠳᠡᠵᠦ᠂ ᠮᠣᠳᠣᠨ ᠣᠷᠣ ᠶᠢᠨ ᠲᠣᠯᠣᠭᠠᠢ ᠳᠤ ᠪᠠᠳᠮ᠎ᠠ ᠯᠢᠩᠬᠤᠸ᠎ᠠ ᠳᠡᠯᠭᠡᠷᠡᠭᠰᠡᠨ ᠴᠡᠴᠡᠭ ᠲᠤ ᠰᠠᠭᠤᠷᠢᠯᠠᠭᠰᠠᠨ ᠬᠡᠦᠬᠡᠳ ᠵᠢᠷᠤᠵᠤ᠂ ᠣᠷᠣ ᠶᠢᠨ | ᠨᠢᠭᠤᠷ ᠲᠤ ᠠᠭᠤᠯᠠ ᠤᠰᠤ ᠥᠩ ᠰᠢᠮᠡᠯᠢᠭ ᠪᠡᠯᠴᠢᠭᠡᠷ ᠲᠤ ᠲᠠᠷᠬᠠᠨ ᠪᠡᠯᠴᠢᠭᠰᠡᠨ ᠲᠠᠪᠤᠨ ᠬᠤᠰᠢᠭᠤ ᠮᠠᠯ ᠵᠢᠷᠤᠳᠠᠭ᠃ | ᠤᠷᠠᠨ ᠵᠢᠷᠤᠭ ᠨᠢ ᠡᠶᠢᠨ ᠬᠦ ᠪᠠᠷᠭᠤ ᠶᠢᠨ ᠠᠷᠠᠳ ᠲᠦᠮᠡᠨ ᠤ ᠡᠳᠦᠷ ᠲᠤᠲᠤᠮ ᠤᠨ ᠠᠵᠤ ᠠᠮᠢᠳᠤᠷᠠᠯ ᠤᠨ ᠪᠠᠶᠠᠯᠢᠭ ᠠᠭᠤᠯᠭ᠎ᠠ ᠶᠢ ᠬᠠᠷᠠᠭᠤᠯᠤᠭᠰᠠᠨ | ᠡᠷᠲᠡᠨ ᠤ ᠤᠯᠠᠮᠵᠢᠯᠠᠯᠲᠤ ᠤᠷᠠᠯᠢᠭ ᠤᠨ ᠨᠢᠭᠡᠨ ᠬᠡᠯᠪᠡᠷᠢ ᠪᠠᠶᠢᠭᠰᠠᠨ ᠠᠴᠠ ᠪᠠᠨ ᠴᠠᠭ ᠡᠷᠢᠨ ᠤ ᠬᠥᠭᠵᠢᠯᠲᠡ ᠶᠢ ᠳᠠᠭᠠᠯᠳᠤᠨ ᠠᠭᠤᠯᠭ᠎ᠠ ᠬᠡᠯᠪᠡᠷᠢ ᠪᠠ ᠵᠢᠷᠤᠬᠤ | ᠮᠡᠷᠭᠡᠵᠢᠯ ᠤᠨ ᠲᠠᠯ᠎ᠠ ᠪᠠᠷ ᠴᠦ ᠰᠢᠨ᠎ᠡ ᠬᠤᠪᠢᠷᠠᠯᠲᠠ ᠭᠠᠷᠴᠤ ᠪᠠᠶᠢᠨ᠎ᠠ᠃ |