ᠨᠢᠭᠤᠷ ᠴᠢᠷᠠᠢ ᠭᠤᠶᠣᠯᠠᠬᠤ ᠢᠳᠡᠭᠡᠨ
ᠨᠡᠶᠢᠲᠡᠯᠡᠭᠰᠡᠨ ᠴᠠᠭ᠄
2025/5/9
          ᠠᠮᠲᠠᠲᠤ ᠲᠥᠮᠥᠰᠥ᠄ ᠠᠷᠠᠰᠤᠨ ᠤ ᠳᠣᠲᠣᠷᠠᠬᠢ ᠥᠭᠡᠬᠦ ᠶᠢ ᠪᠠᠭᠠᠰᠬᠠᠵᠤ᠂ ᠬᠡᠲᠦ ᠲᠠᠷᠭᠤᠯᠠᠬᠤ ᠶᠢ ᠰᠡᠷᠭᠡᠶᠢᠯᠡᠵᠦ ᠴᠢᠳᠠᠨ᠎ᠠ᠃          ᠲᠥᠪᠡᠳ ᠬᠠᠰᠢ᠄ ᠠᠷᠠᠰᠤᠨ ᠤ ᠥᠲᠡᠯᠬᠦ ᠶᠢ ᠤᠳᠠᠭᠠᠰᠢᠷᠠᠭᠤᠯᠤᠨ᠂ ᠠᠷᠠᠰᠤᠨ ᠤ ᠰᠢᠷᠬᠡᠭᠯᠢᠭ ᠢ ᠨᠢᠭᠲᠠ ᠭᠤᠶᠤ ᠪᠣᠯᠭᠠᠬᠤ ᠦᠢᠯᠡᠳᠦᠯ ᠲᠠᠢ᠃          ᠦᠷᠭᠡᠰᠦᠲᠦ ᠬᠡᠮᠬᠡ᠄ ᠠᠷᠠᠰᠤᠨ ᠳᠤ ᠥᠩᠭᠡ ᠣᠷᠣᠭᠤᠯᠵᠤ᠂ ᠢᠯᠠᠩᠭᠤᠶ᠎ᠠ ᠠᠷᠠᠰᠤ ᠶᠢ ᠴᠠᠶᠢᠷᠠᠭᠤᠯᠬᠤ ᠮᠥᠷᠲᠡᠭᠡᠨ ᠮᠠᠷᠢᠶ᠎ᠠ ᠰᠢᠭᠤᠷᠠᠭᠤᠯᠬᠤ ᠦᠢᠯᠡᠳᠦᠯ ᠲᠠᠢ᠃          ᠴᠠᠭᠠᠨ ᠬᠡᠮᠬᠡ ︵ᠳ᠋ᠦᠩᠭᠤᠸᠠ︶᠄ ᠠᠷᠠᠰᠤᠨ ᠤ ᠳᠣᠲᠣᠷᠠᠬᠢ ᠥᠭᠡᠬᠦ ᠶᠢ ᠵᠠᠳᠠᠷᠠᠭᠤᠯᠵᠤ᠂ ᠮᠠᠷᠢᠶ᠎ᠠ ᠰᠢᠭᠤᠷᠠᠭᠤᠯᠬᠤ ᠳᠤ ᠲᠤᠰᠠᠲᠠᠢ᠃          ᠳᠡᠯᠳᠡᠦ᠄ ᠵᠢᠰᠦ ᠴᠢᠷᠠᠢ ᠶᠢ ᠥᠩᠭᠡ ᠭᠡᠷᠡᠯ ᠣᠷᠣᠭᠤᠯᠤᠨ᠂ ᠬᠥᠮᠥᠨ ᠢ ᠰᠦᠷ ᠰᠦᠯᠳᠡ ᠲᠠᠢ ᠪᠣᠯᠭᠠᠳᠠᠭ᠃          ᠴᠠᠭᠠᠨ ᠳᠡᠯᠳᠡᠦ᠄ ᠠᠷᠠᠰᠤᠨ ᠤ ᠤᠶᠠᠨ ᠬᠠᠷᠢᠮᠠᠬᠠᠢ ᠴᠢᠨᠠᠷ ᠢ ᠨᠡᠮᠡᠭᠳᠡᠭᠦᠯᠵᠦ᠂ ᠠᠲᠤᠷᠢᠶ᠎ᠠ ᠭᠠᠷᠬᠤ ᠠᠴᠠ ᠰᠡᠷᠭᠡᠶᠢᠯᠡᠬᠦ ᠦᠢᠯᠡᠳᠦᠯ ᠲᠠᠢ᠃          ᠨᠣᠭᠤᠭᠠᠨ ᠴᠠᠢ᠄ ᠠᠷᠠᠰᠤᠨ ᠤ ᠡᠪᠡᠳᠴᠢᠨ ᠢ ᠰᠡᠷᠭᠡᠶᠢᠯᠡᠬᠦ ᠴᠢᠳᠠᠯ ᠢ ᠳᠡᠭᠡᠭᠰᠢᠯᠡᠬᠦᠯᠵᠦ᠂ ᠤᠰᠤᠯᠢᠭ ᠨᠢᠭᠲᠠ ᠪᠣᠯᠭᠠᠬᠤ ᠦᠢᠯᠡᠳᠦᠯ ᠲᠠᠢ᠃
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ