ᠣᠶᠢᠷ᠎ᠠ ᠶᠢᠨ ᠵᠢᠯ ᠳᠤ ᠮᠠᠨ ᠤ ᠤᠯᠤᠰ ᠤᠨ ᠰᠠᠭᠤᠭᠠᠯᠢ ᠠᠷᠠᠳ ᠤᠨ ᠰᠢᠮ᠎ᠡ ᠲᠡᠵᠢᠭᠡᠯ ᠤᠨ ᠪᠠᠶᠢᠳᠠᠯ ᠪᠠ ᠬᠤᠭᠤᠯᠠᠨ ᠤ ᠪᠦᠲᠦᠴᠡ ᠢᠯᠡᠳᠲᠡ | ᠰᠠᠶᠢᠵᠢᠷᠠᠵᠤ᠂ ᠢᠯᠠᠩᠭᠤᠶ᠎ᠠ ᠤᠭᠤᠷᠠᠭ᠂ ᠥᠭᠡᠬᠦ ᠪᠠ ᠨᠡᠭᠦᠷᠡᠰᠦ ᠤᠰᠤᠨ ᠤ ᠨᠢᠭᠡᠳᠪᠦᠷᠢ ᠵᠡᠷᠭᠡ ᠭᠤᠷᠪᠠᠨ ᠲᠥᠷᠥᠯ ᠤᠨ ᠰᠢᠮ᠎ᠡ ᠲᠡᠵᠢᠭᠡᠯ ᠤᠨ ᠡᠳ᠋ ᠢ ᠰᠢᠩᠭᠡᠬᠡᠨ | ᠠᠪᠬᠤ ᠬᠡᠮᠵᠢᠶ᠎ᠡ ᠨᠢ ᠢᠳᠡᠭᠡᠨ ᠤᠮᠳᠠᠭᠠᠨ ᠤ ᠯᠠᠪᠯᠠᠯᠲᠠ ᠶᠢᠨ ᠪᠠᠷᠢᠮᠵᠢᠶ᠎ᠠ ᠳᠤ ᠦᠨᠳᠦᠰᠦᠨ ᠳᠡᠭᠡᠨ ᠬᠦᠷᠴᠡᠢ᠃ | ᠭᠡᠪᠡᠴᠦ ᠢᠳᠡᠭᠡᠨ ᠤᠮᠳᠠᠭᠠᠨ ᠤ ᠪᠦᠲᠦᠴᠡ ᠳᠤ ᠮᠥᠨ ᠯᠡ ᠵᠣᠬᠢᠰ ᠦᠭᠡᠢ ᠲᠠᠯ᠎ᠠ ᠣᠷᠣᠰᠢᠵᠤ᠂ ᠵᠢᠱᠢᠶᠡᠯᠡᠪᠡᠯ ᠰᠦᠨ ᠤ ᠲᠥᠷᠥᠯ᠂ ᠪᠤᠷᠴᠠᠭ ᠤᠨ | ᠲᠦᠷᠦᠯ ᠤᠨ ᠬᠡᠷᠡᠭᠯᠡᠯᠲᠡ ᠬᠦᠷᠦᠯᠴᠡᠬᠦ ᠦᠭᠡᠢ ᠪᠠᠶᠢᠵᠤ᠂ ᠢᠳᠡᠭᠡᠨ ᠤᠮᠳᠠᠭᠠᠨ ᠤ ᠯᠠᠪᠯᠠᠯᠲᠠ ᠶᠢᠨ ᠪᠠᠷᠢᠮᠵᠢᠶ᠎ᠠ ᠠᠴᠠ ᠳᠣᠣᠷ᠎ᠠ ᠪᠠᠶᠢᠨ᠎ᠠ ᠭᠡᠵᠦ ᠵᠢᠭᠠᠵᠠᠢ᠃ ᠪᠡᠭᠡᠵᠢᠩ ᠤᠨ | ᠰᠢᠶᠧ ᠾᠧ ᠡᠮᠨᠡᠯᠭᠡ ᠶᠢᠨ ᠡᠮᠴᠢᠯᠡᠭᠡᠨ ᠤ ᠰᠢᠮ᠎ᠡ ᠲᠡᠵᠢᠭᠡᠯ ᠤᠨ ᠰᠠᠯᠠᠭᠠᠨ ᠤ ᠡᠷᠬᠢᠯᠡᠭᠴᠢ ᠢᠦᠢ ᠺᠠᠩ ᠬᠡᠯᠡᠬᠦ ᠳᠡᠭᠡᠨ᠂ ᠦᠷᠭᠦᠯᠵᠢ ᠰᠢᠷ᠎ᠠ ᠪᠤᠷᠴᠠᠭ ᠢᠳᠡᠬᠦ ᠨᠢ | ᠬᠡᠦᠬᠡᠳ ᠤᠨ ᠥᠰᠦᠯᠲᠡ ᠪᠤᠶᠢᠵᠢᠯᠲᠠ ᠳᠤ ᠠᠰᠢᠭᠲᠠᠢ᠂ ᠨᠠᠰᠤᠨ ᠳᠤ ᠭᠦᠷᠦᠭᠰᠡᠳ ᠵᠣᠬᠢᠬᠤ ᠬᠡᠮᠵᠢᠶᠡᠨ ᠤ ᠰᠢᠷ᠎ᠠ ᠪᠤᠷᠴᠠᠭ ᠢᠳᠡᠪᠡᠯ ᠵᠢᠷᠦᠬᠡ ᠴᠢᠰᠤᠨ ᠰᠤᠳᠠᠯ ᠤᠨ | ᠡᠪᠡᠳᠴᠢᠨ ᠤ ᠲᠦᠭᠰᠢᠭᠦᠷᠢ ᠪᠠ ᠡᠮᠡᠭᠲᠡᠶᠢᠴᠦᠳ ᠤᠨ ᠬᠥᠬᠦᠨ ᠤ ᠪᠤᠯᠴᠢᠷᠬᠠᠢ ᠶᠢᠨ ᠥᠮᠡᠨ ᠳᠤ ᠨᠡᠷᠪᠡᠭᠳᠡᠬᠦ ᠲᠦᠭᠰᠢᠭᠦᠷᠢ ᠶᠢ ᠪᠠᠭᠠᠰᠬᠠᠵᠤ ᠪᠣᠯᠣᠨ᠎ᠠ ᠭᠡᠳᠡᠭ ᠢ | ᠭᠡᠷᠡᠴᠢᠯᠡᠵᠡᠢ᠃ | ᠪᠠᠰᠠ᠂ ᠨᠠᠰᠤᠲᠠᠶᠢᠴᠤᠳ ᠰᠢᠷ᠎ᠠ ᠪᠤᠷᠴᠠᠭ ᠵᠢᠴᠢ ᠲᠡᠭᠦᠨ ᠤ ᠪᠦᠲᠦᠭᠡᠭᠳᠡᠬᠦᠨ ᠢ ᠵᠣᠬᠢᠬᠤ ᠬᠡᠮᠵᠢᠶ᠎ᠡ ᠪᠠᠷ ᠬᠡᠷᠡᠭᠯᠡᠬᠦ ᠨᠢ ᠴᠢᠨᠠᠷ ᠰᠠᠶᠢᠲᠠᠢ ᠤᠭᠤᠷᠠᠭ ᠢ | ᠨᠥᠬᠦᠪᠦᠷᠢᠯᠡᠬᠦ ᠳᠤ ᠠᠰᠢᠭᠲᠠᠢ ᠪᠠᠶᠢᠵᠤ᠂ ᠣᠨᠴᠠᠭᠠᠶᠢᠯᠠᠨ ᠨᠠᠰᠤᠲᠠᠶᠢᠴᠤᠳ ᠤᠨ ᠪᠤᠯᠴᠢᠩ ᠮᠢᠬ᠎ᠠ ᠰᠤᠯᠠᠷᠠᠨ ᠮᠠᠭᠤᠳᠠᠬᠤ ᠠᠰᠠᠭᠤᠳᠠᠯ ᠢ ᠰᠡᠷᠭᠡᠶᠢᠯᠡᠨ᠎ᠡ ᠭᠡᠵᠡᠢ᠃ ᠪᠤᠷᠴᠠᠭ | ᠢᠯᠡᠭᠦᠦ ᠢᠳᠡᠬᠦ ᠲᠤᠬᠠᠢ ᠢᠦᠢ ᠺᠠᠩ ᠡᠮᠴᠢ ᠰᠠᠨᠠᠭᠤᠯᠬᠤ ᠳᠠᠭᠠᠨ᠂ ᠨᠠᠰᠤᠨ ᠳᠤ ᠭᠦᠷᠦᠭᠰᠡᠳ ᠳᠤᠮᠳᠠᠴᠢ ᠪᠠᠷ ᠡᠳᠦᠷ ᠲᠤ 15 — 25 ᠭᠷᠡᠮ ᠤᠨ ᠰᠢᠷ᠎ᠠ ᠪᠤᠷᠴᠠᠭ | ᠪᠤᠶᠤ ᠵᠣᠬᠢᠬᠤ ᠬᠡᠮᠵᠢᠶᠡᠨ ᠤ ᠰᠢᠷ᠎ᠠ ᠪᠤᠷᠴᠠᠭ ᠤᠨ ᠢᠳᠡᠭᠡᠨ ᠢ ᠢᠳᠡᠬᠦ ᠬᠡᠷᠡᠭᠲᠡᠢ᠃ ᠡᠭᠦᠨ ᠤ ᠲᠤᠯᠠᠳᠠ ᠪᠤᠷᠴᠠᠭ ᠤᠨ ᠵᠤᠲᠠᠩ᠂ ᠳ᠋ᠧᠦᠹᠦ᠋᠂ ᠳ᠋ᠧᠦᠹᠦ᠋ ᠶᠢᠨ ᠰᠢᠷᠬᠡᠭ᠂ | ᠳ᠋ᠧᠦᠹᠦ᠋ ᠶᠢᠨ ᠬᠠᠲᠠᠭᠠᠮᠠᠯ ᠵᠡᠷᠭᠡ ᠰᠢᠷ᠎ᠠ ᠪᠤᠷᠴᠠᠭ ᠪᠤᠶᠤ ᠪᠤᠷᠴᠠᠭ ᠤᠨ ᠢᠳᠡᠭᠡᠨ ᠤ ᠵᠦᠢᠯ ᠢ ᠨᠡᠮᠡᠵᠦ ᠡᠳ᠋ᠯᠡᠬᠦ ᠶᠢᠨ ᠬᠠᠮᠲᠤ ᠭᠤᠷᠪᠠᠨ ᠡᠷᠡᠨ ᠤ ᠬᠤᠭᠤᠯᠠᠨ ᠳᠠᠭᠠᠨ | ᠲᠡᠩᠴᠡᠭᠦᠬᠡᠨ ᠡᠳ᠋ᠯᠡᠪᠡᠯ ᠵᠣᠬᠢᠰᠲᠠᠢ᠃ | ᠬᠠᠷᠠᠰᠣ ᠢᠳᠡᠳᠡᠭ ᠪᠤᠶᠤ ᠰᠠᠶᠤᠤᠲᠠᠨ ᠬᠥᠮᠥᠰ ᠡᠳᠦᠷ ᠲᠤ 50 — 80 ᠭᠷᠡᠮ ᠡᠳ᠋ᠯᠡᠵᠦ ᠪᠣᠯᠣᠨ᠎ᠠ᠂ ᠬᠠᠷᠢᠨ ᠵᠦᠪᠬᠡᠨ ᠥᠨᠳᠡᠭᠡ ᠰᠦ ᠡᠳ᠋ᠯᠡᠳᠡᠭ | ᠬᠥᠮᠥᠰ ᠡᠳᠦᠷ ᠪᠦᠷᠢ 25 — 60 ᠭᠷᠡᠮ ᠢᠳᠡᠬᠦ ᠶᠢ ᠰᠠᠨᠠᠯ ᠪᠣᠯᠭᠠᠨ᠎ᠠ ᠭᠡᠵᠡᠢ᠃ ᠰᠦ ᠨᠡᠮᠡᠬᠦ ᠲᠤᠬᠠᠢ ᠢᠦᠢ ᠺᠠᠩ ᠡᠮᠴᠢ ᠶᠢᠨ ᠦᠵᠡᠬᠦ ᠪᠠᠷ᠂ ᠨᠠᠰᠤᠨ ᠳᠤ | ᠭᠦᠷᠦᠭᠰᠡᠳ ᠡᠳᠦᠷ ᠪᠦᠷᠢ 300 ᠮᠢᠯᠢᠯᠢᠲ᠋ᠧᠷ ᠠᠴᠠ ᠳᠡᠭᠡᠭᠰᠢ ᠰᠦ ᠪᠤᠶᠤ ᠵᠣᠬᠢᠬᠤ ᠬᠡᠮᠵᠢᠶᠡᠨ ᠤ ᠴᠠᠭᠠᠨ ᠢᠳᠡᠭᠡ ᠢᠳᠡᠪᠡᠯ ᠵᠣᠬᠢᠨ᠎ᠠ᠃ ᠠᠳᠠᠯᠢ ᠪᠤᠰᠤ ᠲᠥᠷᠥᠯ ᠤᠨ | ᠰᠦᠨ ᠤ ᠲᠥᠷᠥᠯ ᠪᠤᠶᠤ ᠴᠠᠭᠠᠨ ᠢᠳᠡᠭᠡᠨ ᠢ ᠰᠣᠩᠭᠤᠵᠤ ᠪᠣᠯᠣᠨ᠎ᠠ᠃ ᠦᠨᠢᠶᠡᠨ ᠰᠦ᠂ ᠡᠭᠡᠳᠡᠭᠰᠡᠨ ᠰᠦ᠂ ᠪᠢᠰᠢᠯᠠᠭ ᠵᠡᠷᠭᠡ ᠶᠢ ᠪᠠᠭᠲᠠᠭᠠᠨ᠎ᠠ᠂ ᠰᠦ ᠶᠢᠨ ᠰᠢᠬᠢᠷ ᠢ | ᠳᠠᠭᠠᠭᠠᠬᠤ ᠦᠭᠡᠢ ᠬᠥᠮᠥᠰ ᠪᠠᠭ᠎ᠠ ᠬᠡᠮᠵᠢᠶ᠎ᠡ ᠪᠠᠷ ᠣᠯᠠᠨ ᠤᠳᠠᠭ᠎ᠠ ᠤᠤᠭᠤᠵᠤ ᠪᠣᠯᠣᠨ᠎ᠠ᠂ ᠰᠦᠨ ᠤ ᠵᠦᠢᠯ ᠢ ᠪᠤᠰᠤᠳ ᠢᠳᠡᠭᠡᠨ ᠲᠠᠢ ᠬᠠᠮᠲᠤ ᠢᠳᠡᠪᠡᠯ ᠵᠣᠬᠢᠨ᠎ᠠ᠂ | ᠵᠢᠱᠢᠶᠡᠯᠡᠪᠡᠯ ᠰᠦᠨ ᠤ ᠵᠦᠢᠯ ᠢ ᠠᠮᠤ ᠪᠤᠳᠠᠭ᠎ᠠ᠂ ᠵᠢᠮᠢᠰ ᠨᠣᠭᠤᠭ᠎ᠠ ᠵᠡᠷᠭᠡ ᠲᠠᠢ ᠬᠤᠯᠢᠵᠤ ᠢᠳᠡᠪᠡᠯ ᠰᠦ ᠶᠢᠨ ᠰᠢᠬᠢᠷ ᠤᠨ ᠭᠡᠳᠡᠰᠦᠨ ᠳᠠᠬᠢ ᠰᠢᠩᠭᠡᠭᠡᠯᠲᠡ ᠶᠢ | ᠤᠳᠠᠭᠠᠰᠢᠷᠠᠭᠤᠯᠵᠤ᠂ ᠡᠭᠦᠨ ᠤ ᠤᠯᠠᠮ ᠢᠶᠠᠷ ᠡᠪᠡᠳᠴᠢᠨ ᠤ ᠢᠯᠡᠷᠡᠯ ᠢ ᠨᠠᠮᠳᠠᠭᠠᠨ᠎ᠠ ᠭᠡᠵᠡᠢ᠃ |