ᠤᠴᠠᠭᠠᠷ ᠪᠤᠬᠢᠨᠢᠳᠤᠯ ᠲᠠᠢ ᠬᠤᠭᠤᠯᠠ ᠢᠳᠡᠬᠦ ᠨᠢ ᠵᠢᠷᠦᠬᠡᠨ ᠳᠤ ᠬᠠᠯᠠᠲᠠᠢ
ᠨᠡᠶᠢᠲᠡᠯᠡᠭᠰᠡᠨ ᠴᠠᠭ᠄
2025/5/9
          ︽ᠡᠸᠦ᠋ᠷᠦᠫᠡ ᠶᠢᠨ ᠵᠢᠷᠦᠬᠡᠨ ᠤ ᠡᠪᠡᠳᠴᠢᠨ ᠢ ᠰᠡᠷᠭᠡᠶᠢᠯᠡᠬᠦ ᠤᠬᠠᠭᠠᠨ ᠤ ᠰᠡᠳᠬᠦᠯ︾ ᠤᠨ ᠨᠡᠶᠢᠲᠡᠯᠡᠭᠰᠡᠨ ᠨᠢᠭᠡᠨ ᠥᠭᠦᠯᠡᠯ ᠳᠤ᠂ ᠢᠳᠡᠭᠡᠨ ᠤᠮᠳᠠᠭᠠᠨ ᠠᠴᠠ ᠪᠣᠯᠤᠭᠰᠠᠨ ᠵᠢᠷᠦᠬᠡᠨ ᠤ ᠭᠡᠮᠲᠦᠯ ᠳᠤ ᠤᠷᠮ᠎ᠠ ᠰᠡᠳᠬᠢᠯᠭᠡ ᠨᠢ ᠴᠢᠬᠤᠯᠠ ᠨᠥᠯᠥᠭᠡᠯᠡᠬᠦ ᠬᠦᠴᠦᠨ ᠪᠣᠯᠵᠤ᠂ ᠤᠷᠲᠦ ᠬᠤᠭᠤᠴᠠᠭ᠎ᠠ ᠪᠠᠷ ᠤᠴᠠᠭᠠᠷ ᠪᠤᠬᠢᠨᠢᠳᠤᠯ ᠲᠠᠢ ᠬᠤᠭᠤᠯᠠ ᠢᠳᠡᠭᠰᠡᠨ ᠡᠷᠡᠭᠦᠯ ᠵᠢᠷᠦᠬᠡ ᠴᠦ ᠭᠡᠮᠲᠦᠵᠦ ᠮᠡᠳᠡᠨ᠎ᠡ ᠭᠡᠪᠡ᠃ ᠰᠤᠳᠤᠯᠭᠠᠨ ᠤ ᠪᠦᠯᠬᠦᠮ ᠤᠨ ᠬᠢᠨ 1109 ᠬᠥᠮᠥᠨ ᠳᠤ ᠪᠠᠶᠢᠴᠠᠭᠠᠯᠲᠠ ᠬᠢᠭᠡᠳ 13 ᠵᠢᠯ ᠪᠣᠯᠤᠭᠰᠠᠨ ᠤ ᠳᠠᠷᠠᠭ᠎ᠠ᠂ ᠤᠷᠮ᠎ᠠ ᠰᠡᠳᠬᠢᠯᠭᠡ ᠶᠢᠨ ᠨᠥᠯᠥᠭᠡᠯᠡᠯ ᠲᠠᠢ ᠬᠤᠭᠤᠯᠠ ᠢᠳᠡᠬᠦ ᠨᠢ ᠵᠢᠷᠦᠬᠡᠨ ᠤ ᠲᠡᠯᠡᠯᠲᠡ ᠶᠢᠨ ᠴᠢᠳᠠᠮᠵᠢ ᠶᠢᠨ ᠰᠠᠭᠠᠲᠠᠯ ᠤᠨ ᠲᠦᠭᠰᠢᠭᠦᠷᠢ ᠶᠢᠨ ᠨᠡᠮᠡᠭᠳᠡᠯ ᠲᠠᠢ ᠬᠤᠯᠪᠣᠭ᠎ᠠ ᠲᠠᠢ︔ ᠬᠡᠳᠦᠢ ᠶᠡᠭᠡ ᠤᠴᠠᠭᠠᠷ ᠪᠤᠬᠢᠨᠢᠳᠤᠯ ᠲᠠᠢ ᠬᠤᠭᠤᠯᠠ ᠢᠳᠡᠪᠡᠯ ᠬᠦᠵᠦᠭᠦᠦ ᠭᠤᠶᠠᠨ ᠤ ᠯᠤᠭᠰᠢᠭᠤᠨ ᠰᠤᠳᠠᠯ ᠤᠨ ᠯᠤᠭᠰᠢᠯᠲᠠ ᠶᠢᠨ ᠬᠤᠷᠳᠤᠴᠠ ᠨᠢ ᠴᠦ ᠲᠡᠳᠦᠢ ᠲᠦᠷᠭᠡᠨ ᠪᠠᠶᠢᠵᠤ᠂ ᠴᠢᠰᠤᠨ ᠰᠤᠳᠠᠯ ᠤᠨ ᠬᠠᠲᠠᠭᠤᠷᠠᠯ ᠤᠨ ᠬᠡᠮᠵᠢᠶ᠎ᠡ ᠨᠢ ᠲᠡᠳᠦᠢ ᠥᠨᠳᠥᠷ ᠪᠣᠯᠣᠨ᠎ᠠ ᠭᠡᠳᠡᠭ ᠢ ᠣᠯᠵᠤ ᠮᠡᠳᠡᠵᠡᠢ᠃          ᠱᠠᠩᠬᠠᠢ ᠶᠢᠨ ᠵᠠᠮ ᠬᠠᠷᠢᠯᠴᠠᠭᠠᠨ ᠤ ᠶᠡᠭᠡ ᠰᠤᠷᠭᠠᠭᠤᠯᠢ ᠶᠢᠨ ᠡᠮᠨᠡᠯᠭᠡ ᠶᠢᠨ ᠳᠡᠭᠡᠳᠦ ᠰᠤᠷᠭᠠᠭᠤᠯᠢ ᠶᠢᠨ ᠬᠠᠷᠢᠶᠠᠲᠤ ᠶᠢᠰᠦᠳᠦᠭᠡᠷ ᠠᠷᠠᠳ ᠤᠨ ᠡᠮᠨᠡᠯᠭᠡ ᠶᠢᠨ ᠬᠤᠷᠢᠶᠠᠨ ᠤ ᠵᠢᠷᠦᠬᠡᠨ ᠤ ᠳᠣᠲᠣᠷ ᠰᠠᠯᠠᠭᠠᠨ ᠤ ᠭᠤᠣᠯᠯᠠᠭᠴᠢ ᠡᠮᠴᠢ ᠰᠢᠤᠸᠠᠢ ᠴᠤᠤ ᠶᠢᠨ ᠲᠠᠶᠢᠯᠪᠤᠷᠢᠯᠠᠭᠰᠠᠨ ᠢᠶᠠᠷ᠂ ᠳᠠᠷᠤᠭᠠᠰᠤ᠂ ᠪᠤᠬᠢᠨᠢᠳᠤᠯ᠂ ᠠᠭᠤᠷ ᠬᠢᠯᠢᠩ᠂ ᠡᠮᠭᠡᠨᠢᠯ ᠵᠡᠷᠭᠡ ᠨᠠᠵᠠᠭᠠᠢ ᠤᠷᠮ᠎ᠠ ᠰᠡᠳᠬᠢᠯᠭᠡ ᠨᠢ ᠶᠡᠭᠡ ᠲᠠᠷᠢᠬᠢ ᠶᠢ ᠳᠠᠷᠤᠭᠠᠰᠤ ᠲᠠᠢ ᠪᠠᠶᠢᠳᠠᠯ ᠳᠤ ᠣᠷᠣᠭᠤᠯᠵᠤ᠂ ᠬᠥᠮᠥᠰ ᠤᠨ ᠢᠳᠡᠭᠡᠨ ᠤ ᠳᠤᠷᠠᠰᠢᠯ ᠢ ᠶᠡᠭᠡ ᠪᠠᠷ ᠨᠡᠮᠡᠭᠳᠡᠭᠦᠯᠦᠨ᠂ ᠥᠨᠳᠥᠷ ᠡᠨᠧᠷᠭᠢᠲᠦ ᠢᠳᠡᠭᠡᠨ ᠢ ᠴᠦ ᠨᠠᠩ ᠠᠷᠪᠢᠨ ᠢᠳᠡᠭᠦᠯᠳᠡᠭ᠃ ᠬᠡᠲᠦᠷᠡᠲᠡᠯ᠎ᠡ ᠢᠳᠡᠵᠦ ᠤᠤᠭᠤᠬᠤ ᠨᠢ ᠳᠠᠷᠤᠭᠠᠰᠤ ᠶᠢ ᠲᠦᠷ ᠬᠥᠩᠭᠡᠷᠡᠭᠦᠯᠵᠦ᠂ ᠬᠥᠮᠥᠰ ᠲᠤ ᠣᠬᠤᠷᠬᠠᠨ ᠬᠤᠭᠤᠴᠠᠭᠠᠨ ᠤ ᠲᠠᠭᠠᠯᠠᠮᠵᠢᠲᠠᠢ ᠪᠠᠶᠢᠳᠠᠯ ᠢ ᠡᠳ᠋ᠯᠡᠭᠦᠯᠳᠡᠭ ᠪᠤᠯᠪᠠᠴᠦ ᠬᠤᠶᠢᠰᠢᠳᠠ ᠶᠢᠨ ᠬᠤᠣᠷ ᠬᠥᠨᠥᠭᠡᠯ ᠨᠢ ᠮᠠᠰᠢ ᠶᠡᠭᠡ ᠪᠠᠶᠢᠳᠠᠭ᠂ ᠵᠢᠱᠢᠶᠡᠯᠡᠪᠡᠯ ᠮᠠᠷᠢᠶᠠᠯᠠᠬᠤ᠂ ᠳᠣᠲᠣᠭᠠᠳᠤ ᠱᠦᠭᠦᠷᠡᠯᠲᠡ ᠶᠢ ᠰᠠᠮᠠᠭᠤᠷᠠᠭᠤᠯᠬᠤ᠂ ᠴᠢᠰᠤᠨ ᠤ ᠥᠭᠡᠬᠦ ᠣᠯᠠᠰᠢᠷᠠᠬᠤ ᠵᠡᠷᠭᠡ ᠪᠠᠶᠢᠳᠠᠯ ᠢ ᠡᠭᠦᠰᠬᠡᠵᠦ᠂ ᠡᠴᠦᠰ ᠲᠡᠭᠡᠨ ᠵᠢᠷᠦᠬᠡᠨ ᠤ ᠡᠷᠡᠭᠦᠯ ᠮᠡᠨᠳᠦ ᠶᠢ ᠨᠥᠯᠥᠭᠡᠯᠡᠨ᠎ᠡ᠃          ᠨᠠᠵᠠᠭᠠᠢ ᠤᠷᠮ᠎ᠠ ᠰᠡᠳᠬᠢᠯᠭᠡ ᠨᠢ ᠬᠤᠭᠤᠯᠠ ᠢᠳᠡᠬᠦ ᠪᠠᠷ ᠳᠠᠮᠵᠢᠭᠤᠯᠤᠨ ᠵᠢᠷᠦᠬᠡ ᠶᠢ ᠨᠥᠯᠥᠭᠡᠯᠡᠬᠦ ᠪᠠᠷ ᠪᠠᠷᠠᠬᠤ ᠦᠭᠡᠢ ᠪᠠᠰᠠ ᠪᠤᠰᠤᠳ ᠮᠠᠭᠤ ᠨᠥᠯᠥᠭᠡ ᠶᠢ ᠳᠠᠭᠠᠭᠤᠯᠳᠠᠭ᠃ ᠵᠢᠱᠢᠶᠡᠯᠡᠪᠡᠯ᠂ ᠵᠣᠪᠠᠨᠢᠬᠤ᠂ ᠪᠤᠬᠢᠨᠢᠳᠤᠬᠤ ᠬᠥᠮᠥᠨ ᠠᠮᠠᠷᠬᠠᠨ ᠲᠠᠮᠠᠬᠢ ᠲᠠᠲᠠᠬᠤ᠂ ᠠᠷᠢᠬᠢ ᠤᠤᠭᠤᠬᠤ᠂ ᠤᠨᠲᠠᠵᠤ ᠭᠦᠢᠴᠡᠬᠦ ᠦᠭᠡᠢ ᠨᠣᠶᠢᠷ ᠮᠠᠭᠤ᠂ ᠲᠠᠮᠢᠷ ᠤᠨ ᠬᠥᠳᠡᠯᠭᠡᠭᠡᠨ ᠳᠤᠲᠠᠭᠳᠠᠬᠤ ᠵᠡᠷᠭᠡ ᠡᠷᠡᠭᠦᠯ ᠪᠤᠰᠤ ᠠᠮᠢᠳᠤᠷᠠᠯ ᠤᠨ ᠳᠠᠳᠬᠠᠯ ᠲᠠᠢ ᠪᠤᠯᠳᠠᠭ ᠠᠴᠠ ᠡᠨᠡ ᠨᠢ ᠪᠦᠷ ᠵᠢᠷᠦᠬᠡᠨ ᠡᠪᠡᠳᠴᠢᠨ ᠤ ᠲᠦᠭᠰᠢᠭᠦᠷᠢ ᠶᠢ ᠨᠡᠮᠡᠭᠳᠡᠭᠦᠯᠳᠡᠭ᠃ ᠪᠠᠰᠠ ᠪᠠᠴᠢᠮᠳᠠᠬᠤ᠂ ᠠᠶᠤᠬᠤ ᠵᠡᠷᠭᠡ ᠤᠷᠮ᠎ᠠ ᠰᠡᠳᠬᠢᠯᠭᠡ ᠨᠢ ᠪᠥᠭᠡᠷ᠎ᠡ ᠶᠢᠨ ᠳᠡᠭᠡᠳᠦ ᠪᠤᠯᠴᠢᠷᠬᠠᠢ ᠶᠢᠨ ᠡᠳ᠋ ᠢ ᠣᠯᠠᠰᠢᠷᠠᠭᠤᠯᠵᠤ᠂ ᠴᠢᠰᠤᠨ ᠰᠤᠳᠠᠯ ᠢ ᠦᠷᠭᠦᠯᠵᠢᠯᠡᠨ ᠠᠪᠴᠢᠭᠤᠯᠵᠤ᠂ ᠥᠨᠳᠥᠷ ᠰᠥᠰᠥᠨ ᠤ ᠴᠢᠯᠠᠭᠤᠯᠢᠭ ᠠᠯᠺᠣᠣᠯ ᠨᠢ ᠨᠡᠩ ᠠᠮᠠᠷᠬᠠᠨ ᠴᠢᠰᠤᠨ ᠰᠤᠳᠠᠯ ᠤᠨ ᠬᠠᠨ᠎ᠠ ᠶᠢ ᠢᠳᠡᠭᠳᠡᠭᠦᠯᠵᠦ᠂ ᠯᠤᠭᠰᠢᠭᠤᠨ ᠰᠤᠳᠠᠯ ᠢ ᠥᠭᠡᠬᠦᠯᠡᠭᠦᠯᠦᠨ ᠬᠠᠲᠠᠭᠤᠷᠠᠭᠤᠯᠵᠤ᠂ ᠴᠢᠰᠤᠨ ᠳᠠᠷᠤᠯᠲᠠ ᠥᠨᠳᠥᠷ᠂ ᠵᠢᠷᠦᠬᠡᠨ ᠲᠢᠲᠢᠮ ᠤᠨ ᠡᠪᠡᠳᠴᠢᠨ ᠵᠡᠷᠭᠡ ᠶᠢ ᠡᠭᠦᠰᠬᠡᠳᠡᠭ᠃
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ