ᠡᠶᠢᠮᠦ ᠲᠣᠬᠢᠶᠠᠯᠳᠤᠯ ᠬᠠᠶᠠ ᠬᠠᠷᠠᠭᠳᠠᠳᠠᠭ︕ ᠪᠠᠭᠰᠢ ᠠᠬᠠᠮᠠᠳ ᠤᠨ ᠢᠶᠠᠨ ᠢᠲᠡᠭᠡᠯ ᠨᠠᠶᠢᠳᠠᠪᠤᠷᠢ ᠶᠢ ᠬᠦᠯᠢᠶᠡᠵᠦ ᠬᠢᠴᠢᠶᠡᠯ ᠰᠤᠷᠤᠯᠭ᠎ᠠ ᠳᠠᠭᠠᠨ ᠣᠨᠴᠠ | ᠰᠢᠯᠢᠳᠡᠭ ᠪᠠᠶᠢᠭᠰᠠᠨ ᠬᠡᠦᠬᠡᠳ ᠨᠡᠶᠢᠭᠡᠮ ᠳᠡᠭᠡᠷ᠎ᠡ ᠭᠠᠷᠤᠭᠠᠳ ᠬᠠᠷᠢᠨ ᠬᠢᠭᠰᠡᠨ ᠪᠦᠲᠦᠭᠡᠭᠰᠡᠨ ᠵᠦᠢᠯ ᠦᠭᠡᠢ ᠡᠬᠡᠯ ᠶᠡᠷᠦᠮᠳᠡᠭ ᠢᠶᠠᠷ ᠰᠢᠷ᠎ᠠ ᠡᠳᠦᠷ ᠪᠣᠷᠣ ᠬᠤᠨᠤᠭ ᠢ | ᠥᠩᠭᠡᠷᠡᠭᠦᠯᠵᠦ ᠪᠠᠶᠢᠳᠠᠭ᠃ ᠠᠵᠢᠯ ᠠᠮᠢᠳᠤᠷᠠᠯ ᠤᠨ ᠨᠤᠬᠤᠴᠠᠭᠠᠨ ᠳᠤ ᠵᠠᠷᠢᠮ ᠨᠢ ᠤᠷᠮ᠎ᠠ ᠬᠤᠭᠤᠷᠠᠵᠤ ᠵᠣᠷᠢᠭ ᠬᠠᠷᠢᠵᠤ ᠬᠤᠪᠢ ᠵᠠᠶᠠᠭᠠᠨ ᠳᠠᠭᠠᠨ ᠭᠤᠮᠣᠷᠬᠠᠵᠤ | ᠰᠠᠭᠤᠬᠤ ᠳᠤ᠂ ᠵᠠᠷᠢᠮ ᠨᠢ ᠴᠤ ᠰᠢᠨ᠎ᠡ ᠣᠷᠴᠢᠨ ᠳᠠᠭᠠᠨ ᠵᠣᠬᠢᠴᠠᠵᠤ ᠤᠰᠤᠨ ᠳᠠᠭᠠᠨ ᠣᠷᠣᠭᠰᠠᠨ ᠵᠢᠭᠠᠰᠤ ᠮᠡᠲᠦ ᠁ ᠡᠨᠡ ᠬᠦ ᠵᠥᠷᠢᠶ᠎ᠡ ᠶᠢ ᠪᠤᠢ ᠪᠤᠯᠭᠠᠬᠰᠠᠨ | ᠤᠴᠢᠷ ᠰᠢᠯᠲᠠᠭᠠᠨ ᠢ ᠶᠠᠷᠢᠪᠠᠯ᠂ ᠡᠨᠡ ᠨᠢ ᠬᠤᠪᠢ ᠬᠥᠮᠥᠨ ᠤ ︽ᠬᠠᠷᠢᠴᠠᠬᠤᠢ ᠴᠢᠳᠠᠪᠤᠷᠢ︾ ᠶᠢᠨ ᠬᠢᠵᠠᠭᠠᠷᠳᠠᠮᠠᠯ ᠠᠴᠠ ᠪᠣᠯᠤᠭᠰᠠᠨ ᠭᠡᠵᠦ ᠪᠢ ᠬᠤᠪᠢᠨ ᠳᠠᠭᠠᠨ | ᠪᠤᠳᠤᠳᠠᠭ᠃ ᠬᠡᠷᠪᠡ ᠤᠢ ᠪᠢᠯᠢᠭ ᠢ ᠲᠥᠷᠥᠯᠬᠢ ᠭᠡᠵᠦ ᠦᠵᠡᠪᠡᠯ᠂ ᠬᠠᠷᠢᠴᠠᠬᠤᠢ ᠴᠢᠳᠠᠪᠤᠷᠢ ᠪᠣᠯ ᠥᠰᠴᠦ ᠲᠦᠷᠦᠭᠰᠡᠨ ᠣᠷᠴᠢᠨ ᠠᠬᠤᠢ ᠥᠩᠭᠡᠷᠡᠭᠦᠯᠵᠦ | ᠲᠤᠭᠤᠯᠤᠬᠰᠠᠨ ᠵᠠᠮ ᠮᠥᠷ ᠤᠨ ᠳᠤᠮᠳᠠ ᠠᠭᠠᠵᠢᠮ ᠢᠶᠠᠷ ᠲᠥᠯᠥᠪᠰᠢᠨ ᠲᠣᠭᠲᠠᠳᠠᠭ ᠪᠢᠯᠡ᠃ | ᠬᠠᠷᠢᠴᠠᠬᠤᠢ ᠴᠢᠳᠠᠪᠤᠷᠢ ᠨᠢ ᠥᠭᠡᠷ᠎ᠡ ᠪᠤᠰᠤᠳ ᠢ ᠲᠠᠨᠢᠨ ᠮᠡᠳᠡᠷᠡᠬᠦ᠂ ᠬᠡᠷᠡᠭ ᠪᠣᠳᠠᠰ ᠤᠨ ᠬᠥᠭᠵᠢᠯᠲᠡ ᠶᠢᠨ ᠵᠢᠮ᠎ᠡ ᠶᠣᠰᠣ ᠶᠢ ᠣᠶᠢᠯᠠᠭᠠᠨ ᠡᠵᠡᠮᠰᠢᠵᠦ᠂ | ᠥᠪᠡᠷ ᠢ ᠪᠠᠨ ᠴᠠᠭ ᠲᠤᠬᠠᠢ ᠳᠤᠨᠢ ᠲᠣᠬᠢᠷᠠᠭᠤᠯᠤᠨ ᠵᠣᠬᠢᠴᠠᠭᠤᠯᠬᠤ ᠲᠠᠯ᠎ᠠ ᠪᠠᠷ ᠢᠯᠡᠷᠡᠳᠡᠭ᠃ ᠡᠶᠢᠮᠦ ᠠᠴᠠ ᠵᠠᠷᠢᠮ ᠪᠠᠶᠢᠳᠠᠯ ᠳᠤ ᠬᠢᠴᠢᠶᠡᠯ ᠰᠤᠷᠤᠯᠭ᠎ᠠ ᠳᠠᠭᠠᠨ | ᠣᠷᠣᠶᠢᠯᠠᠵᠤ ᠪᠠᠶᠢᠭᠰᠠᠨ ᠬᠡᠦᠬᠡᠳ ᠠᠵᠢᠯ ᠠᠮᠢᠳᠤᠷᠠᠯ ᠳᠠᠭᠠᠨ ᠪᠦᠳᠦᠮᠵᠢ ᠮᠠᠭᠤᠲᠠᠢ ᠪᠤᠯᠬᠤ ᠨᠢ ᠤᠢ ᠪᠢᠯᠢᠭ ᠤᠯᠠᠨ ᠠᠴᠠ ᠬᠡᠲᠦᠶᠢᠳᠦᠭᠰᠡᠨ ᠪᠤᠯᠪᠠᠴᠤ ᠬᠥᠮᠥᠰ ᠤᠨ | ᠬᠤᠭᠤᠷᠤᠨᠳᠤᠬᠢ ᠬᠠᠷᠢᠯᠴᠠᠭᠠᠨ ᠳᠤ ᠳᠤᠯᠢᠮᠠᠭ ᠪᠠᠶᠢᠵᠤ᠂ ︽ᠬᠥᠮᠥᠨ ᠬᠥᠮᠥᠨ ᠤ ᠬᠦᠴᠦᠨ ᠳᠤ᠂ ᠵᠢᠭᠠᠰᠤ ᠤᠰᠤᠨ ᠤ ᠬᠦᠴᠦᠨ ᠳᠤ︾ ᠭᠡᠳᠡᠭ ᠢ ᠣᠮᠲᠣᠭᠠᠶᠢᠯᠠᠵᠤ᠂ | ᠵᠦᠪᠭᠡᠨ ᠴᠢᠳᠠᠯ ᠴᠢᠳᠠᠪᠬᠢ ᠳᠠᠭᠠᠨ ᠬᠡᠳᠦ ᠢᠲᠡᠭᠡᠵᠦ᠂ ᠴᠢᠨᠠᠭᠰᠢᠯᠠᠭᠠᠳ ᠬᠠᠷᠢᠴᠠᠬᠤᠢ ᠴᠢᠳᠠᠪᠤᠷᠢ ᠠᠨᠠᠢ ᠠᠴᠠ ᠪᠣᠯᠵᠤ ᠵᠢᠵᠢᠭᠬᠡᠨ ᠰᠡᠳᠦᠯᠲᠡ ᠠᠴᠠ ᠪᠣᠯᠵᠤ | ᠬᠡᠲᠦᠷᠡᠮᠡᠬᠡᠢ ᠦᠢᠯᠡ ᠶᠠᠪᠤᠳᠠᠯ ᠬᠢᠳᠡᠭ ᠴᠦ ᠪᠤᠢ᠃ | ᠣᠳᠣᠬᠠᠨ ᠳᠤ ᠬᠠᠷᠢᠯᠴᠠᠭᠠᠨ ᠤ ᠲᠦᠭᠰᠢᠭᠦᠷᠢ ᠲᠠᠢ ᠬᠥᠮᠥᠨ ᠣᠯᠠᠰᠢᠷᠠᠵᠤ᠂ ᠡᠳᠡᠬᠡᠷ ᠬᠥᠮᠥᠰ ᠭᠡᠷ ᠤᠨ ᠮᠤᠬᠤᠷ ᠲᠠᠭᠠᠨ ᠬᠤᠷᠭᠤᠳᠠᠵᠤ᠂ ᠨᠡᠶᠢᠭᠡᠮ ᠤᠨ | ᠬᠠᠷᠢᠯᠴᠠᠭᠠᠨ ᠠᠴᠠ ᠵᠢᠷᠦᠬᠡᠰᠢᠶᠡᠨ ᠵᠠᠶᠢᠳᠠᠳᠠᠭ ᠲᠤᠯᠠ ᠠᠮᠢᠳᠤᠷᠠᠯ ᠨᠢ ᠲᠠᠩ ᠴᠤᠯᠭᠤᠢ ᠤᠳᠬ᠎ᠠ ᠠᠭᠤᠯᠭ᠎ᠠ ᠦᠭᠡᠢ ᠪᠤᠯᠳᠠᠭ᠃ ᠬᠥᠮᠥᠰ ᠤᠨ ᠦᠭᠡ ᠶᠠᠷᠢᠶ᠎ᠠ᠂ ᠦᠢᠯᠡ | ᠠᠵᠢᠯᠯᠠᠭ᠎ᠠ᠂ ᠶᠠᠪᠤᠯᠴᠠᠭ᠎ᠠ ᠬᠠᠷᠢᠯᠴᠠᠭ᠎ᠠ ᠶᠢᠨ ᠠᠯᠢ ᠨᠢ ᠴᠤ ᠭᠡᠰᠡᠨ ᠤᠶᠤᠨ ᠮᠡᠳᠡᠷᠡᠮᠵᠢ ᠳᠤ ᠰᠠᠭᠤᠷᠢᠯᠠᠨ ᠬᠠᠷᠢᠴᠠᠬᠤᠢ ᠴᠢᠳᠠᠪᠤᠷᠢ ᠪᠠᠷ ᠲᠡᠮᠵᠢᠨ ᠪᠡᠶᠡᠯᠡᠭᠳᠡᠳᠡᠭ ᠠᠴᠠ | ᠡᠳᠡᠭᠡᠷ ᠬᠥᠮᠥᠰ ᠰᠡᠳᠬᠢᠯ ᠤᠨ ᠰᠠᠭᠠᠳ ᠢᠶᠠᠨ ᠳᠠᠪᠠᠵᠤ ᠴᠢᠳᠠᠪᠠᠯ ᠠᠮᠵᠢᠯᠲᠠ ᠶᠢᠨ ᠠᠯᠳᠠᠨ ᠲᠦᠷᠦᠭᠡ ᠠᠴᠠ ᠣᠶᠢᠷᠠᠬᠠᠨ ᠪᠣᠯᠵᠤ ᠴᠢᠳᠠᠬᠤ ᠶᠤᠮ ᠠ᠋᠃ ᠬᠠᠷᠸᠠᠷᠳ᠋ | ᠶᠡᠭᠡ ᠰᠤᠷᠭᠠᠭᠤᠯᠢ ᠶᠢᠨ ᠨᠢᠭᠡᠨ ᠪᠠᠶᠢᠴᠠᠭᠠᠯᠲᠠ ᠳᠤ᠂ ᠠᠮᠵᠢᠯᠲᠠ ᠪᠦᠲᠦᠮᠵᠢ ᠣᠯᠬᠤ ᠪᠠ ᠵᠡᠷᠭᠡ ᠵᠢᠩᠰᠡ ᠨᠡᠮᠡᠭᠳᠡᠬᠦ ᠳᠤ 85% ᠨᠢ ᠬᠥᠮᠥᠰ ᠤᠨ ᠵᠥᠪ ᠤᠷᠮ᠎ᠠ | ᠰᠡᠳᠬᠢᠯᠭᠡ᠂ ᠳᠠᠷᠤᠢ ᠬᠠᠷᠢᠴᠠᠬᠤᠢ ᠴᠢᠳᠠᠪᠤᠷᠢ ᠠᠴᠠ ᠪᠣᠯᠵᠤ᠂ 15% ᠨᠢ ᠰᠠᠶ᠋ᠢ ᠲᠤᠰᠬᠠᠢ ᠮᠡᠷᠭᠡᠵᠢᠯ ᠤᠨ ᠴᠢᠳᠠᠪᠤᠷᠢ ᠠᠴᠠ ᠪᠣᠯᠤᠭᠰᠠᠨ ᠭᠡᠳᠡᠭ ᠢ ᠢᠯᠡᠷᠡᠭᠦᠯᠪᠡ᠂ ᠡᠨᠡ | ᠨᠢ ᠬᠥᠮᠥᠰ ᠤᠨ ᠬᠠᠷᠢᠴᠠᠬᠤᠢ ᠴᠢᠳᠠᠪᠤᠷᠢ ᠨᠢ ᠲᠡᠭᠦᠨ ᠤ ᠨᠡᠶᠢᠭᠡᠮ ᠲᠠᠢ ᠵᠣᠬᠢᠴᠠᠨ ᠠᠮᠵᠢᠯᠲᠠ ᠣᠯᠬᠤ ᠳᠤ ᠴᠢᠬᠤᠯᠠ ᠪᠠᠲᠤᠯᠠᠭ᠎ᠠ ᠪᠤᠯᠬᠤ ᠶᠢ ᠬᠠᠷᠠᠭᠤᠯᠵᠤ ᠪᠤᠢ᠃ | ᠡᠳᠦᠷ ᠲᠤᠳᠤᠮ ᠤᠨ ᠠᠮᠢᠳᠤᠷᠠᠯ ᠳᠤᠮᠳᠠ ᠠᠬᠠᠮᠠᠳ ᠲᠣᠮᠣᠭᠠᠲᠠᠨ᠂ ᠠᠶᠢᠯ ᠰᠠᠭᠠᠬᠠᠯᠲᠠ᠂ ᠠᠵᠢᠯ ᠨᠢᠭᠡᠲᠡᠨ᠂ ᠨᠠᠶᠢᠵᠠ ᠨᠥᠬᠦᠳ ᠨᠢ ᠬᠡᠨ ᠨᠢᠭᠡᠨ ᠢ ︽ | ᠤᠬᠠᠭᠠᠯᠢᠭ ᠬᠥᠮᠥᠨ︾ ᠭᠡᠬᠦ ᠥᠨᠳᠥᠷ ᠦᠨᠡᠯᠡᠯᠲᠡ ᠥᠭᠬᠦ ᠦᠶᠡᠰ ᠬᠥᠮᠥᠰ ᠶᠡᠬᠡᠳᠡ ᠪᠠᠶᠠᠰᠳᠠᠭ᠃ ᠡᠨᠡ ᠨᠢ ︽ᠤᠬᠠᠭᠠᠯᠢᠭ ᠬᠥᠮᠥᠨ︾ ᠤ ᠬᠠᠷᠢᠴᠠᠬᠤᠢ ᠴᠢᠳᠠᠪᠤᠷᠢ ᠳᠤ | ᠥᠭᠭᠦᠭᠰᠡᠨ ᠦᠨᠡᠯᠡᠯᠲᠡ ᠪᠤᠯᠬᠤ ᠨᠢ ᠳᠠᠮᠵᠢᠭ ᠦᠭᠡᠢ᠃ ᠡᠭᠦᠨ ᠳᠤ ᠪᠢᠳᠡ ᠬᠠᠷᠢᠴᠠᠬᠤᠢ ᠴᠢᠳᠠᠪᠤᠷᠢ ᠶᠢ ᠵᠦᠪᠬᠡᠨ ᠬᠥᠮᠥᠨ ᠬᠥᠮᠥᠨ ᠤ ᠬᠤᠭᠤᠷᠤᠨᠳᠤᠬᠢ ᠡᠪ ᠲᠠᠢ | ᠬᠠᠷᠢᠯᠴᠠᠬᠤ ᠴᠢᠳᠠᠪᠤᠷᠢ ᠪᠠᠷ ᠦᠵᠡᠬᠦ ᠠᠴᠠ ᠪᠢᠰᠢ ᠬᠠᠷᠢᠨ ᠪᠢᠯᠳᠠᠤᠴᠢᠯᠠᠬᠤ᠂ ᠡᠷᠭᠦᠨ ᠮᠠᠭᠲᠠᠬᠤ᠂ ᠬᠠᠭᠤᠷᠮᠠᠭ ᠠᠭᠠᠰᠢᠯᠠᠬᠤ ᠬᠡᠮᠡᠨ ᠢᠪᠴᠤᠤ ᠤᠳᠬ᠎ᠠ ᠠᠴᠠ | ᠣᠶᠢᠯᠠᠭᠠᠵᠤ ᠪᠤᠯᠬᠤ ᠦᠭᠡᠢ᠃ ᠬᠠᠷᠢᠴᠠᠬᠤᠢ ᠴᠢᠳᠠᠪᠤᠷᠢ ᠨᠢ ᠨᠢᠭᠡ ᠵᠦᠢᠯ ᠤᠨ ᠤᠶᠤᠨ ᠰᠠᠨᠠᠭᠠᠨ ᠤ ᠬᠦᠴᠦᠨ᠂ ᠨᠢᠭᠡ ᠵᠦᠢᠯ ᠤᠨ ᠵᠠᠩ ᠠᠭᠠᠰᠢ ᠶᠢᠨ ᠬᠡᠪ ᠴᠢᠨᠠᠷ | ᠪᠣᠯᠬᠤᠷ ᠵᠠᠪᠠᠯ ᠵᠥᠪ ᠲᠠᠯ᠎ᠠ ᠠᠴᠠ ᠣᠶᠢᠯᠠᠭᠠᠬᠤ ᠬᠡᠷᠡᠭᠲᠡᠢ᠃ | ᠬᠥᠮᠥᠨ ᠡᠨᠡ ᠶᠢᠷᠲᠢᠨᠴᠦ ᠳᠤ ᠭᠤᠣᠨᠢ ᠪᠡᠶ᠎ᠡ ᠭᠤᠵᠣᠩ ᠲᠣᠯᠣᠭᠠᠢ ᠪᠠᠷ ᠠᠮᠢᠳᠤᠷᠠᠨ ᠣᠷᠣᠰᠢᠬᠤ ᠪᠢᠰᠢ᠂ ᠬᠠᠷᠢᠨ ᠣᠯᠠᠭᠤᠯᠠ ᠨᠡᠶᠢᠯᠡᠵᠦ᠂ ᠨᠡᠶᠢᠳᠡ ᠪᠠᠷ | ᠣᠷᠣᠰᠢᠬᠤ ᠵᠠᠩ ᠵᠢᠷᠤᠮ ᠲᠠᠢ ᠪᠣᠯᠬᠤᠷ ᠥᠪᠡᠷ ᠤᠨ ᠬᠠᠷᠢᠴᠠᠬᠤᠢ ᠴᠢᠳᠠᠪᠤᠷᠢ ᠪᠠᠨ ᠲᠡᠭᠡᠭᠰᠢᠯᠡᠬᠦᠯᠵᠤ᠂ ᠥᠭᠭᠢᠶᠡᠮᠦᠷ ᠪᠤᠳᠤᠯ ᠲᠠᠢ᠂ ᠥᠷᠥᠭᠡᠯ ᠳᠤ ᠲᠤᠰᠠᠷᠬᠠᠭ᠂ | ᠦᠨᠡᠨᠴᠢ ᠢᠲᠡᠭᠡᠮᠵᠢᠲᠡᠢ ᠶᠠᠪᠤᠪᠠᠯ ᠵᠣᠬᠢᠨ᠎ᠠ᠃ |