ᠡᠳᠡᠭᠡᠷ ᠰᠡᠭᠦᠳᠡᠷ ᠢ ᠰᠦᠯᠵᠢᠶᠡᠨ ᠳᠡᠭᠡᠷ᠎ᠡ ᠪᠢᠲᠡᠭᠡᠢ ᠳᠤᠷ᠎ᠠ ᠪᠠᠷ ᠢᠶᠠᠨ ᠲᠠᠯᠪᠢᠭᠠᠷᠠᠢ
ᠨᠡᠶᠢᠲᠡᠯᠡᠭᠰᠡᠨ ᠴᠠᠭ᠄
2025/5/9
          ᠤᠯᠤᠰ ᠤᠨ ᠪᠠᠶᠠᠷ ᠤᠨ ᠠᠮᠠᠷᠠᠯᠲᠠ ᠶᠢᠨ ᠬᠤᠭᠤᠴᠠᠭᠠᠨ ᠳᠤ ᠣᠯᠠᠩᠬᠢ ᠬᠥᠮᠥᠰ ᠭᠠᠳᠠᠭᠰᠢ ᠵᠢᠭᠤᠯᠴᠢᠯᠠᠨ ᠠᠶᠠᠯᠠᠵᠤ᠂ ᠲᠦᠷᠦᠯ ᠰᠠᠳᠤᠨ ᠨᠠᠶᠢᠵᠠ ᠨᠥᠬᠦᠳ ᠲᠠᠢ ᠪᠠᠨ ᠤᠴᠠᠷᠠᠨ ᠵᠣᠯᠭᠠᠵᠤ ᠤᠷᠮ᠎ᠠ ᠰᠡᠳᠬᠢᠯ ᠢᠶᠠᠨ ᠰᠡᠷᠭᠦᠭᠡᠵᠦ ᠶᠠᠪᠤᠳᠠᠭ᠃                 ᠲᠡᠭᠡᠭᠡᠳ ᠠᠮᠲᠠᠲᠤ ᠢᠳᠡᠭᠡᠨ᠂ ᠭᠤᠶᠣ ᠦᠵᠡᠮᠵᠢ ᠪᠠᠨ ᠰᠡᠭᠦᠳᠡᠷ ᠲᠠᠲᠠᠵᠤ ᠨᠠᠶᠢᠵᠠ ᠶᠢᠨ ᠲᠣᠭᠤᠷᠢᠭ᠂ ᠣᠬᠤᠷ ᠸᠢᠳᠢᠤ᠋ ᠳᠡᠭᠡᠷ᠎ᠡ ᠬᠤᠪᠢᠶᠠᠯᠴᠠᠬᠤ ᠳᠤᠷᠠᠲᠠᠢ ᠪᠠᠶᠢᠳᠠᠭ᠃ ᠭᠡᠲᠡᠯ᠎ᠡ ᠡᠲᠡᠭᠡᠷ ᠦᠢᠯᠡ ᠶᠠᠪᠤᠳᠠᠯ ᠴᠢᠨᠢ ᠬᠤᠪᠢ ᠬᠥᠮᠥᠨ ᠤ ᠮᠡᠳᠡᠭᠡ ᠵᠠᠩᠭᠢ ᠪᠠᠨ ᠳᠠᠮ ᠢᠶᠠᠷ ᠵᠠᠳᠠᠷᠠᠭᠤᠯᠬᠤ ᠶᠢ ᠲᠠ ᠮᠡᠳᠡᠨ᠎ᠡ ᠤᠤ︖ ᠬᠡᠷᠪᠡ ᠣᠨᠳᠣᠣ ᠰᠠᠨᠠᠭ᠎ᠠ ᠲᠠᠢ ᠬᠥᠮᠥᠨ ᠬᠡᠷᠡᠭᠯᠡᠪᠡᠯ ᠥᠪᠡᠷ ᠪᠡᠶ᠎ᠡ ᠪᠠ ᠭᠡᠷ ᠤᠨ ᠬᠥᠮᠥᠰ ᠤᠨ ᠡᠳ᠋ ᠬᠥᠷᠥᠩᠭᠡ ᠴᠢᠨᠠᠭᠰᠢᠯᠠᠪᠠᠯ ᠬᠤᠪᠢ ᠬᠥᠮᠥᠨ ᠤ ᠠᠮᠤᠷ ᠲᠦᠪᠰᠢᠨ ᠢ ᠰᠦᠷᠳᠡᠭᠦᠯᠵᠦ ᠮᠡᠳᠡᠨ᠎ᠡ᠃                 ᠬᠠᠮᠢᠶ᠎ᠠ ᠪᠦᠬᠦᠢ ᠬᠦᠷᠢᠶ᠎ᠡ ᠴᠠᠷᠠᠭᠠᠨ ᠤ ᠲᠤᠰᠬᠠᠢ ᠮᠡᠷᠭᠡᠵᠢᠯᠲᠡᠨ ᠠᠴᠠ ᠳᠣᠣᠷᠠᠬᠢ ᠬᠡᠳᠦᠨ ᠵᠦᠢᠯ ᠤᠨ ᠰᠡᠭᠦᠳᠡᠷ ᠢ ᠰᠦᠯᠵᠢᠶᠡᠨ ᠳᠡᠭᠡᠷ᠎ᠡ ᠲᠠᠯᠪᠢᠬᠤ ᠠᠴᠠ ᠬᠢᠴᠢᠶᠡᠭᠡᠷᠡᠢ ᠭᠡᠵᠦ ᠤᠯᠠᠨ ᠳᠤ ᠰᠠᠨᠠᠭᠤᠯᠤᠨ᠎ᠠ᠃ ᠭᠠᠷ ᠲᠠᠭᠠᠨ ᠪᠡᠶ᠎ᠡ ᠶᠢᠨ ᠦᠨᠡᠮᠯᠡᠯ ᠪᠠᠷᠢᠭᠰᠠᠨ ᠰᠡᠭᠦᠳᠡᠷ ᠢ ᠲᠠᠯᠪᠢᠵᠤ ᠪᠤᠯᠬᠤ ᠦᠭᠡᠢ ᠡᠲᠡᠭᠡᠷ ᠰᠡᠭᠦᠳᠡᠷ ᠲᠤ ᠬᠤᠪᠢ ᠬᠥᠮᠥᠨ ᠤ ᠣᠪᠣᠭ ᠨᠡᠷ᠎ᠡ᠂ ᠪᠡᠶ᠎ᠡ ᠶᠢᠨ ᠦᠨᠡᠮᠯᠡᠯ ᠤᠨ ᠨᠣᠮᠧᠷ᠂ ᠣᠷᠣᠨ ᠰᠠᠭᠤᠴᠠ ᠶᠢᠨ ᠬᠠᠶ᠋ᠢᠭ ᠵᠡᠷᠭᠡ ᠮᠡᠳᠡᠭᠡ ᠵᠠᠩᠭᠢ ᠪᠠᠶᠢᠳᠠᠭ᠂ ᠬᠡᠷᠪᠡ ᠵᠠᠳᠠᠷᠠᠬᠤ ᠳᠤ ᠬᠦᠷᠪᠡᠯ ᠬᠠᠤᠯᠢ ᠪᠤᠰᠤ ᠡᠲᠡᠭᠡᠳ ᠡᠲᠡᠭᠡᠷ ᠮᠡᠳᠡᠭᠡ ᠵᠠᠩᠭᠢ ᠶᠢ ᠠᠰᠢᠭᠯᠠᠨ ᠪᠡᠶ᠎ᠡ ᠶᠢᠨ ᠬᠢᠷᠢ ᠬᠡᠮ ᠢ ᠴᠢᠨᠢ ᠬᠤᠯᠠᠭᠠᠶᠢᠯᠠᠨ ᠬᠡᠷᠡᠭᠯᠡᠵᠦ᠂ ᠢᠲᠡᠭᠡᠮᠵᠢ ᠶᠢᠨ ᠺᠠᠷᠲ᠂ ᠵᠢᠭᠡᠯᠡᠯᠭᠡ ᠵᠡᠷᠭᠡ ᠮᠥᠩᠭᠦᠨ ᠭᠦᠢᠯᠭᠡᠭᠡᠨ ᠤ ᠲᠤᠬᠠᠶᠢᠯᠠᠭᠰᠠᠨ ᠠᠵᠢᠯ ᠢ ᠭᠦᠢᠴᠡᠳᠬᠡᠵᠦ᠂ ᠴᠢᠨᠠᠭᠰᠢᠯᠠᠪᠠᠯ ᠬᠠᠤᠯᠢ ᠶᠢ ᠵᠥᠷᠢᠴᠡᠬᠦ ᠠᠵᠢᠯᠯᠠᠭ᠎ᠠ ᠬᠢᠵᠦ ᠮᠡᠳᠡᠨ᠎ᠡ᠃                 ᠡᠭᠦᠨ ᠠᠴᠠ ᠭᠠᠳᠠᠨ᠎ᠠ᠂ ᠭᠠᠷ ᠲᠠᠭᠠᠨ ᠴᠠᠭᠠᠨ ᠴᠠᠭᠠᠰᠤ ᠪᠠᠷᠢᠬᠤ ᠰᠡᠭᠦᠳᠡᠷ ᠪᠤᠶᠤ ᠰᠣᠨᠢᠨ ᠪᠠᠷᠢᠬᠤ ᠰᠡᠭᠦᠳᠡᠷ ᠢ ᠦᠷᠭᠦᠯᠵᠢ ᠪᠡᠶ᠎ᠡ ᠶᠢᠨ ᠬᠢᠷᠢ ᠬᠡᠮ ᠢ ᠰᠢᠯᠭᠠᠬᠤ ᠳᠤ ᠬᠡᠷᠡᠭᠯᠡᠳᠡᠭ᠂ ᠬᠡᠷᠪᠡ ᠬᠠᠤᠯᠢ ᠪᠤᠰᠤ ᠡᠲᠡᠭᠡᠳ ᠣᠯᠵᠤ ᠠᠪᠤᠪᠠᠯ᠂ ᠬᠠᠭᠤᠷᠮᠠᠭ ᠦᠨᠡᠮᠯᠡᠯ ᠦᠢᠯᠡᠳᠬᠦ ᠪᠤᠶᠤ ᠰᠦᠯᠵᠢᠶᠡᠨ ᠤ ᠮᠡᠬᠡᠯᠡᠯ ᠶᠠᠪᠤᠭᠤᠯᠬᠤ ᠳᠤ ᠬᠡᠷᠡᠭᠯᠡᠵᠦ ᠮᠡᠳᠡᠨ᠎ᠡ᠂ ᠢᠩᠭᠢᠪᠡᠯ ᠬᠤᠪᠢ ᠬᠥᠮᠥᠨ ᠳᠤ ᠴᠢᠨᠢ ᠠᠵᠤ ᠠᠬᠤᠢ ᠶᠢᠨ ᠬᠤᠬᠢᠷᠠᠯ ᠪᠠ ᠨᠡᠷ᠎ᠡ ᠲᠥᠷᠥ ᠶᠢᠨ ᠬᠤᠬᠢᠷᠠᠯ ᠤᠴᠠᠷᠠᠭᠤᠯᠵᠤ ᠮᠡᠳᠡᠨ᠎ᠡ᠃ ᠡᠯ᠎ᠡ ᠵᠦᠢᠯ ᠤᠨ ᠭᠡᠷᠡᠴᠢ ᠪᠠᠷᠢᠮᠲᠠ ᠶᠢᠨ ᠲᠥᠷᠥᠯ ᠤᠨ ᠰᠡᠭᠦᠳᠡᠷ ᠢ ᠲᠠᠯᠪᠢᠵᠤ ᠪᠤᠯᠬᠤ ᠦᠭᠡᠢ ᠮᠠᠰᠢ ᠤᠯᠠᠨ ᠬᠥᠮᠥᠨ ᠠᠵᠢᠯ ᠢᠶᠠᠷ ᠭᠠᠳᠠᠭᠰᠢ ᠭᠠᠷᠬᠤ᠂ ᠵᠢᠭᠤᠯᠴᠢᠯᠠᠬᠤ ᠳᠠᠭᠠᠨ ᠪᠦᠷ ᠭᠠᠯᠲᠤ ᠲᠡᠷᠭᠡᠨ ᠤ ᠪᠢᠯᠧᠲ ᠪᠤᠶᠤ ᠨᠢᠰᠬᠡᠯ ᠳᠤ ᠰᠠᠭᠤᠬᠤ ᠫᠠᠶᠢᠰᠠ ᠪᠠᠨ ᠰᠡᠭᠦᠳᠡᠷᠯᠡᠵᠦ᠂ ᠥᠪᠡᠷ ᠤᠨ ᠨᠠᠶᠢᠵᠠ ᠶᠢᠨ ᠲᠣᠭᠤᠷᠢᠭ ᠲᠠᠭᠠᠨ ᠲᠠᠯᠪᠢᠵᠤ ᠬᠤᠪᠢᠶᠠᠯᠴᠠᠬᠤ ᠳᠤᠷᠠᠲᠠᠢ ᠪᠠᠶᠢᠳᠠᠭ᠃ ᠡᠳᠡᠭᠡᠷ ᠪᠢᠯᠧᠲ ᠭᠡᠷᠡᠴᠢ ᠳᠡᠭᠡᠷ᠎ᠡ ᠴᠢᠨᠢ ᠣᠪᠣᠭ ᠨᠡᠷ᠎ᠡ᠂ ᠮᠣᠷᠳᠠᠬᠤ ᠭᠠᠵᠠᠷ᠂ ᠬᠦᠷᠬᠦ ᠭᠠᠵᠠᠷ ᠵᠡᠷᠭᠡ ᠮᠡᠳᠡᠭᠡ ᠵᠠᠩᠭᠢ ᠪᠠᠶᠢᠳᠠᠭ ᠢᠶᠠᠷ ᠪᠠᠷᠠᠬᠤ ᠦᠭᠡᠢ᠂ ᠵᠢᠷᠤᠭᠠᠰᠤᠨ ᠺᠣᠳ᠋ ᠪᠤᠶᠤ ᠬᠤᠶᠠᠷ ᠬᠡᠮᠵᠢᠯᠲᠦ ᠺᠣᠳ᠋ ᠳᠡᠭᠡᠷ᠎ᠡ ᠨᠢ ᠠᠶᠠᠨᠴᠢᠳ ᠤᠨ ᠬᠤᠪᠢ ᠬᠥᠮᠥᠨ ᠤ ᠮᠡᠳᠡᠭᠡ ᠵᠠᠩᠭᠢ ᠪᠠᠶᠢᠳᠠᠭ ᠠᠴᠠ ᠬᠠᠤᠯᠢ ᠪᠤᠰᠤ ᠡᠲᠡᠭᠡᠳ ᠲᠤ ᠠᠰᠢᠭᠯᠠᠭᠳᠠᠬᠤ ᠪᠣᠯᠣᠯᠴᠠᠭ᠎ᠠ ᠲᠠᠢ ᠶᠤᠮ᠃                 ᠭᠡᠷ ᠤᠨ ᠲᠦᠯᠬᠢᠭᠦᠷ᠂ ᠲᠡᠷᠭᠡᠨ ᠫᠠᠶᠢᠰᠠ ᠵᠡᠷᠭᠡ ᠰᠡᠭᠦᠳᠡᠷ ᠢ ᠲᠠᠯᠪᠢᠵᠤ ᠪᠤᠯᠬᠤ ᠦᠭᠡᠢ ᠬᠠᠤᠯᠢ ᠪᠤᠰᠤ ᠡᠲᠡᠭᠡᠳ ᠲᠣᠮᠣ ᠳ᠋ᠠᠶᠢᠲ᠋ᠠ ᠵᠡᠷᠭᠡ ᠮᠡᠷᠭᠡᠵᠢᠯ ᠤᠨ ᠠᠷᠭ᠎ᠠ ᠪᠠᠷᠢᠯ ᠢᠶᠠᠷ ᠳᠠᠮᠵᠢᠭᠤᠯᠤᠨ᠂ ᠰᠡᠭᠦᠳᠡᠷ ᠨᠡᠶᠢᠲᠡᠯᠡᠭᠰᠡᠨ ᠬᠥᠮᠥᠨ ᠤ ᠤᠨᠴᠠᠭᠠᠢ ᠴᠠᠭ ᠬᠤᠭᠤᠴᠠᠭᠠᠨ ᠳᠠᠬᠢ ᠣᠨᠴᠠ ᠲᠣᠭᠲᠠᠭᠰᠠᠨ ᠣᠷᠣᠨ ᠪᠠᠶᠢᠷᠢ ᠶᠢ ᠵᠠᠳᠠᠯᠤᠨ ᠭᠠᠷᠭᠠᠬᠤ ᠪᠥᠭᠡᠳ ᠪᠠᠰᠠ ᠨᠡᠶᠢᠲᠡᠯᠡᠭᠰᠡᠨ ᠬᠥᠮᠥᠨ ᠤ ᠠᠮᠢᠳᠤᠷᠠᠯ ᠤᠨ ᠳᠠᠳᠬᠠᠯ ᠢ ᠣᠶᠢᠯᠠᠭᠠᠵᠤ ᠪᠣᠯᠣᠨ᠎ᠠ᠃ ᠢᠩᠭᠢᠬᠦᠯᠡᠷ ᠰᠦᠯᠵᠢᠶᠡᠨ ᠳᠡᠭᠡᠷ᠎ᠡ ᠲᠠᠯᠪᠢᠬᠤ ᠰᠡᠭᠦᠳᠡᠷ ᠲᠤ ᠭᠡᠷ ᠤᠨ ᠲᠦᠯᠬᠢᠭᠦᠷ᠂ ᠲᠡᠷᠭᠡᠨ ᠫᠠᠶᠢᠰᠠ ᠶᠢᠨ ᠨᠣᠮᠧᠷ ᠵᠡᠷᠭᠡ ᠢᠯᠡᠷᠬᠡᠢ ᠣᠨᠴᠠᠯᠢᠭ ᠲᠠᠢ ᠶᠠᠭᠤᠮᠠᠰ ᠢ ᠪᠢᠲᠡᠭᠡᠢ ᠣᠷᠣᠭᠤᠯᠤᠭᠠᠷᠠᠢ᠃     
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ