ᠵᠢᠯ ᠤᠨ ᠳᠥᠷᠪᠡᠨ ᠤᠯᠠᠷᠢᠯ ᠳᠤ ᠨᠠᠮᠤᠷ ᠪᠣᠯ ᠨᠢᠭᠡᠨ ᠲᠤᠶᠢᠯ ᠤᠨ ᠴᠢᠬᠤᠯᠠ ᠪᠡᠶ᠎ᠡ ᠰᠤᠪᠢᠯᠠᠯᠲᠠ ᠶᠢᠨ ᠤᠯᠠᠷᠢᠯ ᠪᠣᠯᠣᠨ᠎ᠠ᠂ ᠤᠴᠢᠷ ᠨᠢ ᠬᠦᠢᠲᠡᠨ | ᠰᠢᠭᠦᠳᠡᠷᠢ ᠥᠩᠭᠡᠷᠡᠭᠰᠡᠨ ᠤ ᠳᠠᠷᠠᠭ᠎ᠠ᠂ ᠠᠭᠤᠷ ᠠᠮᠢᠰᠬᠤᠯ ᠰᠡᠷᠢᠭᠦᠬᠡᠨ ᠪᠣᠯᠤᠭᠰᠠᠨ ᠴᠤ᠂ ᠪᠥᠬᠦ ᠪᠡᠶ᠎ᠡ ᠮᠠᠰᠢ ᠠᠮᠠᠷᠬᠠᠨ ᠲᠠᠮᠢᠷ ᠲᠡᠩᠬᠡᠭᠡ ᠦᠭᠡᠢ ᠪᠣᠯᠬᠤ ᠪᠠ | ᠵᠠᠯᠬᠠᠭᠤᠷᠠᠬᠤ ᠲᠥᠷᠥᠭᠳᠡᠯ ᠣᠷᠣᠳᠠᠭ ᠶᠤᠮ᠃ ᠬᠡᠷᠪᠡ ᠡᠨᠡ ᠦᠶ᠎ᠡ ᠳᠤ ᠬᠠᠮᠢᠶ᠎ᠠ ᠪᠦᠬᠦᠢ ᠪᠡᠶ᠎ᠡ ᠰᠤᠪᠢᠯᠠᠯᠲᠠ ᠶᠢᠨ ᠠᠵᠢᠯ ᠢ ᠰᠠᠶᠢᠲᠤᠷ ᠬᠢᠵᠦ ᠴᠢᠳᠠᠪᠠᠯ ᠪᠡᠶ᠎ᠡ | ᠮᠠᠬᠠᠪᠤᠳ ᠢᠶᠠᠨ ᠰᠠᠶᠢᠬᠠᠨ ᠲᠣᠬᠢᠷᠠᠭᠤᠯᠵᠤ ᠴᠢᠳᠠᠬᠤ ᠪᠠᠷ ᠪᠠᠷᠠᠬᠤ ᠦᠭᠡᠢ ᠪᠠᠰᠠ ᠪᠡᠶ᠎ᠡ ᠮᠠᠬᠠᠪᠤᠳ ᠢᠶᠠᠨ ᠤᠯᠠᠮ ᠴᠢᠭᠢᠷᠠᠭᠵᠢᠭᠤᠯᠵᠤ ᠴᠢᠳᠠᠨ᠎ᠠ᠃ | 1. ᠢᠳᠡᠭᠡᠨ ᠤᠮᠳᠠᠭᠠᠨ ᠤᠰᠤᠯᠢᠭ ᠰᠢᠮᠡᠯᠢᠭ ᠪᠠᠶᠢᠬᠤ ᠬᠡᠷᠡᠭᠲᠡᠢ ᠠᠭᠤᠷ ᠠᠮᠢᠰᠬᠤᠯ ᠬᠠᠭᠤᠷᠠᠢ ᠪᠣᠯᠪᠠᠯ ᠠᠭᠤᠰᠬᠢ ᠶᠢ ᠠᠮᠠᠷᠬᠠᠨ ᠭᠡᠮᠲᠦᠭᠡᠵᠦ᠂ | ᠪᠡᠶ᠎ᠡ ᠶᠢᠨ ᠰᠢᠩᠭᠡᠨ ᠢ ᠠᠮᠠᠷᠬᠠᠨ ᠬᠤᠷᠣᠭᠳᠠᠭᠤᠯᠵᠤ᠂ ᠪᠡᠶ᠎ᠡ ᠮᠠᠬᠠᠪᠤᠳ ᠬᠠᠳᠠᠵᠤ ᠰᠢᠷᠭᠢᠭᠰᠡᠨ ᠮᠡᠲᠦ ᠪᠤᠯᠳᠠᠭ᠃ ᠡᠶᠢᠮᠦ ᠠᠴᠠ ︽ᠨᠠᠮᠤᠷ ᠤᠨ ᠤᠯᠠᠷᠢᠯ ᠳᠤ ᠪᠢᠯᠢᠭ ᠢ | ᠲᠡᠵᠢᠭᠡᠬᠦ︾ ᠶᠢ ᠵᠢᠷᠤᠮᠯᠠᠵᠤ᠂ ᠪᠢᠯᠢᠭ ᠢ ᠰᠢᠮᠡᠵᠢᠭᠦᠯᠵᠦ ᠬᠠᠭᠤᠷᠠᠢ ᠶᠢ ᠵᠥᠭᠡᠯᠡᠷᠡᠭᠦᠯᠬᠦ᠂ ᠠᠭᠤᠰᠬᠢ ᠶᠢ ᠰᠢᠮᠡᠵᠢᠭᠦᠯᠬᠦ᠂ ᠬᠠᠯᠠᠭᠤᠨ ᠢ ᠠᠷᠢᠯᠭᠠᠵᠤ ᠬᠠᠯᠠᠭᠤᠨ ᠢ | ᠪᠠᠭᠤᠷᠠᠭᠤᠯᠬᠤ ᠢᠳᠡᠰᠢ ᠶᠢ ᠰᠣᠩᠭᠤᠬᠤ ᠬᠡᠷᠡᠭᠲᠡᠢ᠂ ᠵᠢᠱᠢᠶᠡᠯᠡᠪᠡᠯ ᠮᠥᠩᠭᠦᠨ ᠳᠡᠯᠳᠡᠦ᠂ ᠪᠠᠯ᠂ ᠮᠠᠭᠠᠵᠢ᠂ ᠪᠤᠷᠴᠠᠭ ᠤᠨ ᠵᠤᠲᠠᠩ᠂ ᠯᠢᠩᠬᠤ᠎ᠠ ᠶᠢᠨ ᠦᠨᠳᠦᠰᠦ᠂ ᠬᠤᠰᠢᠭ᠎ᠠ᠂ | ᠯᠣᠬᠠᠱᠧᠩ᠂ ᠨᠤᠭᠤᠰᠤᠨ ᠥᠨᠳᠡᠭᠡ᠂ ᠥᠷᠭᠡᠰᠦᠲᠦ ᠨᠣᠭᠤᠭ᠎ᠠ᠂ ᠯᠤᠤᠪᠠᠩ᠂ ᠠᠷᠤᠷ᠎ᠠ᠂ ᠠᠯᠢᠮ᠎ᠠ᠂ ᠨᠢᠰᠢᠩᠭᠦ ᠵᠡᠷᠭᠡ᠃ ᠠᠮᠠ ᠬᠠᠲᠠᠬᠤ᠂ ᠤᠮᠳᠠᠭᠠᠰᠬᠤ᠂ ᠬᠤᠭᠤᠯᠠᠢ | ᠬᠠᠪᠤᠳᠴᠤ ᠡᠪᠡᠳᠬᠦ ᠵᠡᠷᠭᠡ ᠰᠢᠨᠵᠢ ᠲᠡᠮᠳᠡᠭ ᠢᠯᠡᠷᠡᠬᠦ ᠦᠶ᠎ᠡ ᠳᠤ ᠰᠠᠷᠠᠨ᠎ᠠ᠂ ᠪᠣᠭᠤᠨᠢ ᠰᠠᠷᠠᠨ᠎ᠠ ᠶᠢᠨ ᠦᠨᠳᠦᠰᠦ᠂ ᠴᠢᠨ᠋ᠸ᠎ᠠ ᠶᠢᠨ ᠬᠠᠷᠮᠠᠭ ᠢ ᠤᠰᠤᠨ ᠳᠤ ᠳᠡᠪᠲᠦᠭᠡᠵᠦ | ᠤᠤᠭᠤᠵᠤ ᠪᠣᠯᠣᠨ᠎ᠠ᠃ ᠨᠠᠰᠤᠲᠠᠶᠢᠴᠤᠳ ᠤᠨ ᠠᠷᠠᠰᠤ ᠵᠠᠭᠠᠲᠤᠨᠠᠬᠤ ᠨᠢ ᠣᠯᠠᠩᠬᠢ ᠳᠠᠭᠠᠨ ᠬᠡᠢ ᠴᠢᠰᠤ ᠳᠤᠲᠠᠭᠳᠠᠭᠰᠠᠨ ᠠᠴᠠ ᠪᠣᠯᠤᠭᠰᠠᠨ ᠶᠤᠮ᠂ ᠢᠳᠡᠭᠡᠨ | ᠤᠮᠳᠠᠭᠠᠨ ᠤ ᠵᠠᠰᠠᠯ ᠳᠡᠭᠡᠷ᠎ᠡ ᠴᠢᠪᠠᠭ᠎ᠠ᠂ ᠴᠢᠨ᠋ᠸ᠎ᠠ ᠶᠢᠨ ᠬᠠᠷᠮᠠᠭ᠂ ᠰᠠᠷᠠᠨ᠎ᠠ᠂ ᠨᠠᠩᠭᠢ ᠴᠠᠭᠠᠨ ᠵᠡᠷᠭᠡ ᠶᠢᠨ ᠬᠡᠢ ᠴᠢᠰᠤ ᠶᠢ ᠨᠥᠬᠦᠬᠦ ᠢᠳᠡᠭᠡᠨ ᠢ ᠵᠣᠬᠢᠰᠲᠠᠢ ᠰᠣᠩᠭᠤᠵᠤ | ᠪᠣᠯᠣᠨ᠎ᠠ᠃ ᠠᠯᠢᠮ᠎ᠠ ᠪᠣᠯ ᠨᠠᠮᠤᠷ ᠤᠨ ᠤᠯᠠᠷᠢᠯ ᠳᠤ ᠠᠭᠤᠰᠬᠢ ᠶᠢ ᠵᠥᠭᠡᠯᠡᠯᠡᠬᠦ ᠬᠠᠮᠤᠭ ᠤᠨ ᠰᠠᠶᠢᠨ ᠵᠢᠮᠢᠰ ᠮᠥᠨ᠃ ᠬᠡᠦᠬᠡᠳ ᠤᠨ ᠬᠤᠳᠣᠭᠤᠳᠤ ᠳᠡᠯᠢᠭᠦᠦ ᠮᠠᠭᠤ᠂ | ᠨᠠᠰᠤᠨ ᠳᠤ ᠬᠦᠷᠦᠭᠰᠡᠳ ᠤᠨ ᠪᠡᠶ᠎ᠡ ᠨᠢ ᠬᠦᠢᠲᠡᠨ ᠵᠡᠷᠭᠡ ᠳᠤ ᠬᠠᠮᠤᠭ ᠤᠨ ᠰᠠᠶᠢᠨ ᠨᠢ ᠵᠢᠩᠨᠡᠵᠦ ᠢᠳᠡᠨ᠎ᠡ᠂ ᠪᠠᠰᠠ ᠠᠯᠢᠮ᠎ᠠ ᠶᠢᠨ ᠰᠢᠭᠦᠰᠦ ᠶᠢ ᠴᠢᠨᠠᠵᠤ ᠤᠤᠭᠤᠵᠤ | ᠪᠣᠯᠣᠨ᠎ᠠ᠃ | 2. ᠠᠭᠤᠰᠬᠢ ᠶᠢ ᠲᠡᠵᠢᠭᠡᠬᠦ ᠳᠤ ᠪᠡᠶ᠎ᠡ ᠪᠠᠨ ᠬᠥᠳᠡᠯᠭᠡᠬᠦ ᠬᠡᠷᠡᠭᠲᠡᠢ ᠤᠯᠠᠷᠢᠯ ᠤᠨ ᠬᠤᠪᠢᠷᠠᠯᠲᠠ ᠳᠤ ᠨᠡᠩ ᠰᠠᠶᠢᠨ ᠵᠣᠬᠢᠴᠠᠬᠤ ᠶᠢᠨ ᠲᠥᠯᠥᠭᠡ᠂ ᠵᠣᠬᠢᠰᠲᠠᠢ | ᠪᠣᠯᠪᠠᠰᠤᠷᠠᠵᠤ᠂ ᠠᠭᠤᠰᠬᠢᠨ ᠤ ᠬᠡᠢ ᠶᠢ ᠲᠣᠬᠢᠷᠠᠭᠤᠯᠤᠨ᠂ ᠪᠡᠶ᠎ᠡ ᠮᠠᠬᠠᠪᠤᠳ ᠤᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠵᠦ᠂ ᠵᠠᠷᠢᠮ | ᠬᠦᠴᠢᠯᠲᠥ᠋ᠷᠥᠭᠴᠢᠲᠦ ᠬᠥᠳᠡᠯᠭᠡᠭᠡᠨ ᠢ ᠬᠢᠬᠦ ᠬᠡᠷᠡᠭᠲᠡᠢ᠂ ᠢᠳᠡᠷ ᠵᠠᠯᠠᠭᠤ ᠬᠥᠮᠥᠨ ᠠᠭᠤᠯᠠ ᠠᠪᠠᠷᠢᠬᠤ ᠬᠥᠳᠡᠯᠭᠡᠭᠡᠨ ᠢ ᠰᠣᠩᠭᠤᠵᠤ᠂ ᠠᠭᠤᠰᠬᠢᠨ ᠤ ᠠᠮᠢᠰᠬᠤᠯ ᠤᠨ | ᠪᠠᠭᠲᠠᠭᠠᠮᠵᠢ ᠶᠢ ᠨᠡᠮᠡᠭᠳᠡᠭᠦᠯᠦᠨ᠂ ᠴᠢᠰᠤᠨ ᠤ ᠡᠷᠭᠢᠯᠲᠡ ᠶᠢ ᠲᠦᠷᠭᠡᠳᠬᠡᠵᠦ᠂ ᠬᠤᠣᠷᠲᠤ ᠡᠳ᠋ ᠢ ᠭᠠᠳᠠᠭᠰᠢᠯᠠᠭᠤᠯᠬᠤ ᠳᠤ ᠠᠰᠢᠭᠲᠠᠢ ᠪᠣᠯᠭᠠᠨ᠎ᠠ᠃ ᠨᠠᠰᠤᠲᠠᠶᠢᠴᠤᠳ | ᠨᠡᠷᠡᠬᠦᠢ ᠨᠢᠳᠤᠷᠭ᠎ᠠ ᠪᠣᠯᠪᠠᠰᠤᠷᠠᠬᠤ ᠨᠢ ᠳᠦᠷᠪᠡᠨ ᠮᠥᠴᠢ ᠶᠢ ᠳᠡᠯᠭᠡᠨ ᠬᠡᠢ ᠴᠢᠰᠤ ᠶᠢ ᠨᠡᠪᠲᠡᠷᠡᠭᠦᠯᠦᠨ᠎ᠡ᠃ ᠬᠢᠲᠠᠳ ᠡᠮᠨᠡᠯᠭᠡ ᠳᠤ ᠨᠠᠮᠤᠷ ᠪᠣᠯ ᠲᠠᠪᠤᠨ ᠮᠠᠬᠠᠪᠤᠳ ᠤᠨ | ᠠᠯᠲᠠ ᠳᠤ ᠬᠠᠷᠢᠶᠠᠯᠠᠭᠳᠠᠨ᠎ᠠ᠂ ᠠᠯᠲᠠ ᠨᠢ ᠠᠭᠤᠰᠬᠢ ᠲᠠᠢ ᠵᠣᠬᠢᠴᠠᠨ᠎ᠠ᠂ ᠡᠶᠢᠮᠦ ᠠᠴᠠ ᠠᠭᠤᠰᠬᠢᠨ ᠤ ᠬᠡᠢ ᠪᠠᠭᠤᠷᠠᠢ ᠬᠥᠮᠥᠰ ᠨᠠᠮᠤᠷ ᠤᠨ ᠤᠯᠠᠷᠢᠯ ᠳᠤ ᠠᠮᠠᠷᠬᠠᠨ | ᠵᠠᠷᠢᠮ ᠠᠭᠤᠰᠬᠢᠨ ᠰᠢᠰᠲ᠋ᠧᠮ ᠤᠨ ᠡᠪᠡᠳᠴᠢᠨ᠂ ᠵᠢᠱᠢᠶᠡᠯᠡᠪᠡᠯ᠂ ᠲᠠᠭᠰᠢᠭᠤᠷ᠂ ᠬᠠᠨᠢᠶᠠᠳᠤ᠂ ᠠᠭᠰᠠᠭ᠎ᠠ ᠵᠡᠷᠭᠡ ᠪᠣᠯᠣᠨ᠎ᠠ᠃ ᠬᠤᠭᠤᠯᠠᠢ ᠬᠠᠪᠤᠳᠴᠤ ᠡᠪᠡᠳᠬᠦ᠂ ᠬᠠᠲᠠᠬᠤ᠂ | ᠰᠥᠭᠡᠩᠭᠢᠳᠡᠬᠦ ᠵᠡᠷᠭᠡ ᠡᠪᠡᠳᠴᠢᠨ ᠤ ᠰᠢᠨᠵᠢ ᠢᠯᠡᠷᠡᠵᠦ᠂ ᠬᠡᠷᠪᠡ ᠪᠢᠯᠢᠭ ᠪᠠᠷᠠᠭᠳᠠᠵᠤ ᠠᠭᠤᠰᠬᠢ ᠬᠠᠭᠤᠷᠠᠶᠢᠳᠠᠬᠤ ᠵᠠᠯᠭᠢᠭᠤᠷ ᠲᠥᠪᠥᠩᠬᠡᠢ ᠶᠢᠨ ᠦᠷᠪᠢᠰᠦᠯ ᠳᠤ | ᠲᠣᠭᠠᠴᠠᠭᠳᠠᠪᠠᠯ᠂ ᠪᠠᠯ ᠲᠠᠢ ᠯᠢᠩᠬᠤ᠎ᠠ ᠶᠢᠨ ᠰᠢᠭᠦᠰᠦ ᠶᠢ ᠲᠣᠬᠢᠷᠠᠭᠤᠯᠵᠤ ᠤᠤᠭᠤᠪᠠᠯ ᠰᠠᠶᠢᠨ᠃ ᠪᠠᠯ ᠨᠢ ᠬᠠᠭᠤᠷᠠᠢ ᠶᠢ ᠵᠥᠭᠡᠯᠡᠷᠡᠭᠦᠯᠬᠦ᠂ ᠪᠢᠯᠢᠭ ᠢ ᠰᠢᠮᠡᠵᠢᠭᠦᠯᠵᠦ ᠵᠢᠰᠦ | ᠭᠤᠶᠣᠯᠠᠬᠤ᠂ ᠳᠠᠷᠤᠯᠲᠠ ᠶᠢ ᠪᠠᠭᠤᠷᠠᠭᠤᠯᠤᠨ ᠬᠤᠷᠭᠤᠰᠤᠯᠠᠬᠤ ᠶᠢ ᠵᠠᠰᠠᠳᠠᠭ᠂ ᠯᠢᠩᠬᠤ᠎ᠠ ᠶᠢᠨ ᠦᠨᠳᠦᠰᠦ ᠨᠢ ᠬᠠᠷᠢᠨ ᠬᠠᠯᠠᠭᠤᠨ ᠢ ᠠᠷᠢᠯᠭᠠᠵᠤ ᠴᠢᠰᠤ ᠶᠢ | ᠰᠡᠷᠢᠭᠦᠴᠡᠭᠦᠯᠬᠦ᠂ ᠰᠡᠳᠬᠢᠯ ᠰᠠᠨᠠᠭ᠎ᠠ ᠶᠢ ᠲᠠᠶᠢᠪᠤᠰᠢᠷᠠᠭᠤᠯᠬᠤ ᠦᠢᠯᠡᠳᠦᠯ ᠲᠠᠢ ᠲᠤᠯᠠ ᠯᠢᠩᠬᠤ᠎ᠠ ᠶᠢᠨ ᠦᠨᠳᠦᠰᠦ 500 ᠭᠷᠡᠮ᠂ ᠵᠥᠭᠡᠢ ᠶᠢᠨ ᠪᠠᠯ 20 ᠭᠷᠡᠮ ᠢ ᠠᠪᠴᠤ᠂ | ᠤᠷᠢᠳᠠᠪᠠᠷ ᠰᠢᠨ᠎ᠡ ᠰᠣᠷᠭᠤᠭ ᠯᠢᠩᠬᠤ᠎ᠠ ᠶᠢᠨ ᠦᠨᠳᠦᠰᠦ ᠶᠢ ᠤᠬᠢᠶᠠᠵᠤ ᠴᠡᠪᠡᠷᠯᠡᠭᠰᠡᠨ ᠤ ᠳᠠᠷᠠᠭ᠎ᠠ ᠰᠢᠭᠦᠰᠦ ᠪᠣᠯᠭᠠᠨ ᠰᠢᠬᠠᠵᠤ᠂ ᠳᠠᠬᠢᠨ ᠪᠠᠯ ᠬᠢᠵᠦ ᠤᠤᠭᠤᠵᠤ | ᠪᠣᠯᠣᠨ᠎ᠠ᠃ | 3. ᠠᠷᠭ᠎ᠠ ᠶᠢ ᠲᠡᠵᠢᠭᠡᠬᠦ ᠳᠤ ᠳᠤᠯᠠᠭᠠᠨ ᠢ ᠠᠩᠬᠠᠷᠬᠤ ᠬᠡᠷᠡᠭᠲᠡᠢ ᠨᠠᠮᠤᠷ ᠪᠣᠯᠪᠠᠯ ᠠᠷᠭ᠎ᠠ ᠬᠡᠢ ᠠᠭᠠᠵᠢᠮ ᠢᠶᠠᠷ ᠬᠤᠷᠢᠶᠠᠭᠳᠠᠵᠤ᠂ ᠪᠢᠯᠢᠭ ᠬᠡᠢ | ᠠᠭᠠᠵᠢᠮ ᠢᠶᠠᠷ ᠣᠷᠳᠣ ᠪᠣᠯᠳᠠᠭ᠂ ᠭᠠᠭᠴᠠ ᠬᠦ ᠠᠷᠭ᠎ᠠ ᠬᠡᠢ ᠶᠢ ᠭᠦᠢᠴᠡᠳ ᠲᠥᠪᠯᠡᠷᠡᠭᠦᠯᠪᠡᠯ ᠰᠠᠶ᠋ᠢ ᠡᠪᠦᠯ ᠤᠨ ᠬᠦᠢᠲᠡᠨ ᠠᠴᠠ ᠠᠶᠤᠬᠤ ᠦᠭᠡᠢ ᠪᠠᠶᠢᠳᠠᠭ᠃ ᠠᠷᠭ᠎ᠠ | ᠬᠡᠢ ᠶᠢ ᠬᠤᠷᠢᠶᠠᠬᠤ ᠳᠤ ᠠᠷᠤ ᠨᠢᠷᠤᠭᠤ ᠶᠢ ᠳᠤᠯᠠᠭᠠᠯᠠᠬᠤ ᠬᠡᠷᠡᠭᠲᠡᠢ᠃ ᠡᠭᠦᠨ ᠠᠴᠠ ᠭᠠᠳᠠᠨ᠎ᠠ᠂ ᠤᠨᠲᠠᠬᠤ ᠳᠠᠭᠠᠨ ᠴᠣᠩᠬᠤ ᠪᠠᠨ ᠬᠠᠭᠠᠵᠤ᠂ ᠬᠦᠢᠲᠡᠨ ᠬᠡᠮ ᠳᠤ | ᠲᠠᠭᠠᠷᠢᠭᠳᠠᠬᠤ ᠠᠴᠠ ᠰᠡᠷᠭᠡᠶᠢᠯᠡᠬᠦ ᠬᠡᠷᠡᠭᠲᠡᠢ᠃ ᠨᠠᠮᠤᠷ ᠪᠣᠯᠪᠠᠯ ᠬᠤᠳᠣᠭᠤᠳᠤ ᠭᠡᠳᠡᠰᠦᠨ ᠤ ᠠᠵᠢᠯᠯᠠᠭ᠎ᠠ ᠠᠨᠠᠢ ᠬᠥᠮᠥᠰ ᠤᠨ ᠬᠤᠳᠣᠭᠤᠳᠤᠨ ᠬᠦᠴᠢᠯ᠂ ᠬᠤᠳᠣᠭᠤᠳᠤ | ᠴᠢᠨᠦᠷᠡᠬᠦ᠂ ᠬᠤᠳᠣᠭᠤᠳᠤ ᠡᠪᠡᠳᠬᠦ ᠨᠢ ᠣᠯᠠᠰᠢᠷᠠᠳᠠᠭ᠃ ᠵᠢᠭᠠᠬᠠᠨ ᠼᠤᠤ ᠲᠠᠢ ᠭᠠ ᠶᠢ ᠳᠡᠪᠲᠦᠭᠡᠵᠦ ᠬᠦᠢᠲᠡᠨ ᠬᠡᠢ ᠶᠢ ᠬᠥᠭᠡᠭᠡᠵᠦ ᠠᠷᠭ᠎ᠠ ᠬᠡᠢ ᠶᠢ ᠳᠡᠭᠡᠭᠰᠢᠯᠡᠭᠦᠯᠦᠨ᠎ᠡ᠂ | ᠡᠭᠦᠨ ᠳᠤ ᠰᠢᠨ᠎ᠡ ᠰᠣᠷᠭᠤᠭ ᠲᠦᠭᠦᠬᠡᠢ ᠭᠠ ᠶᠢ ᠬᠡᠰᠡᠭᠯᠡᠨ ᠬᠡᠷᠴᠢᠵᠦ᠂ ᠵᠢᠵᠢᠭ ᠯᠣᠩᠬᠤ ᠣᠯᠵᠤ ᠼᠤᠤ ᠪᠠᠷ ᠳᠡᠪᠲᠦᠭᠡᠭᠡᠳ ᠥᠷᠯᠥᠭᠡ ᠪᠦᠷᠢ ᠥᠯᠥᠨ ᠢᠶᠠᠷ ᠬᠤᠶᠠᠷ | ᠭᠤᠷᠪᠠᠨ ᠬᠡᠰᠡᠭ ᠢ ᠢᠳᠡᠨ᠎ᠡ᠃ ᠢᠯᠠᠩᠭᠤᠶ᠎ᠠ ᠢᠰᠬᠦᠯᠡᠩ ᠤᠰᠤ ᠪᠠᠷ ᠪᠥᠭᠡᠯᠵᠢᠬᠦ᠂ ᠰᠠᠭᠤᠯᠭᠠᠬᠤ᠂ ᠬᠥᠯ ᠭᠠᠷ ᠳᠠᠭᠠᠷᠠᠳᠠᠭ ᠬᠥᠮᠥᠰ ᠲᠤ ᠡᠨᠡ ᠠᠷᠭ᠎ᠠ ᠮᠠᠰᠢ ᠲᠤᠰᠠᠲᠠᠢ᠃ | ᠬᠢᠲᠠᠳ ᠡᠮᠨᠡᠯᠭᠡ ᠶᠢᠨ ᠪᠡᠶ᠎ᠡ ᠰᠤᠪᠢᠯᠠᠯᠲᠠ ᠶᠢᠨ ᠡᠷᠳᠡᠮᠲᠡᠳ ᠨᠠᠮᠤᠷ ᠤᠨ ᠤᠯᠠᠷᠢᠯ ᠳᠤ ᠥᠷᠯᠥᠭᠡ ᠪᠦᠷᠢ ᠰᠢᠩᠭᠡᠨ ᠪᠤᠳᠠᠭ᠎ᠠ ᠢᠳᠡᠬᠦ ᠶᠢ ᠰᠠᠨᠠᠭᠠᠴᠢᠯᠠᠳᠠᠭ᠂ ᠤᠴᠢᠷ ᠨᠢ | ᠨᠠᠮᠤᠷ ᠤᠨ ᠡᠬᠢ ᠪᠠᠷ ᠳᠡᠯᠢᠭᠦᠦ ᠬᠤᠳᠣᠭᠤᠳᠤ ᠬᠤᠭᠤᠰᠤᠷᠠᠵᠤ᠂ ᠡᠪᠡᠳᠴᠢᠨ ᠢ ᠡᠰᠡᠷᠭᠦᠴᠡᠬᠦ ᠴᠢᠳᠠᠪᠤᠷᠢ ᠮᠠᠭᠤᠳᠠᠳᠠᠭ᠃ ᠡᠨᠡ ᠦᠶ᠎ᠡ ᠳᠤ ᠬᠡᠷᠪᠡ ᠪᠦᠯᠢᠶᠡᠨ ᠢᠳᠡᠭᠡᠨ | ᠢᠳᠡᠬᠦ᠂ ᠣᠨᠴᠠᠭᠠᠶᠢᠯᠠᠨ ᠬᠠᠯᠠᠭᠤᠨ ᠡᠮᠲᠦ ᠬᠤᠭᠤᠯᠠ ᠢᠳᠡᠪᠡᠯ ᠪᠡᠶ᠎ᠡ ᠳᠤ ᠰᠠᠶᠢᠨ᠂ ᠵᠢᠱᠢᠶᠡᠯᠡᠪᠡᠯ ᠰᠠᠷᠠᠨ᠎ᠠ ᠯᠢᠩᠬᠤ᠎ᠠ ᠶᠢᠨ ᠦᠷ᠎ᠡ ᠲᠠᠢ ᠰᠢᠩᠭᠡᠨ ᠪᠤᠳᠠᠭ᠎ᠠ ᠮᠡᠲᠦ᠃ | ᠡᠭᠦᠨ ᠠᠴᠠ ᠭᠠᠳᠠᠨ᠎ᠠ ᠲᠤᠲᠤᠷᠭ᠎ᠠ᠂ ᠰᠢᠯᠦᠬᠡᠢ ᠲᠤᠲᠤᠷᠭ᠎ᠠ ᠨᠢ ᠪᠦᠷ ᠳᠡᠯᠢᠭᠦᠦ ᠬᠤᠳᠣᠭᠤᠳᠤ ᠶᠢ ᠰᠠᠶᠢᠵᠢᠷᠠᠭᠤᠯᠵᠤ᠂ ᠬᠡᠢ ᠶᠢ ᠨᠥᠬᠦᠬᠦ ᠦᠢᠯᠡᠳᠦᠯ ᠢᠶᠠᠷ ᠮᠠᠰᠢ ᠰᠠᠶᠢᠨ | ᠪᠠᠶᠢᠳᠠᠭ᠃ | 4. ᠬᠡᠢ ᠴᠢᠰᠤ ᠶᠢ ᠨᠥᠬᠦᠬᠦ ᠳᠤ ᠡᠷᠲᠡ ᠤᠨᠲᠠᠬᠤ ᠬᠡᠷᠡᠭᠲᠡᠢ ︽ᠬᠤᠸᠠᠩᠳᠢ ᠶᠢᠨ ᠳᠣᠲᠣᠷ ᠡᠮᠨᠡᠯᠭᠡ︾ ᠳᠤ ᠡᠷᠲᠡ ᠤᠨᠲᠠᠵᠤ ᠡᠷᠲᠡ ᠪᠣᠰᠬᠤ ᠨᠢ | ᠨᠠᠮᠤᠷ ᠤᠨ ᠤᠯᠠᠷᠢᠯ ᠤᠨ ᠣᠨᠴᠠᠯᠢᠭ ᠲᠤ ᠵᠣᠬᠢᠴᠠᠬᠤ ᠶᠢᠨ ᠲᠥᠯᠥᠭᠡ ᠭᠡᠵᠦ ᠲᠡᠮᠳᠡᠭᠯᠡᠵᠡᠢ᠃ ᠣᠷᠣᠢ ᠶᠢᠨ 11 ᠴᠠᠭ ᠠᠴᠠ ᠡᠮᠦᠨ᠎ᠡ ᠤᠨᠲᠠᠵᠤ᠂ ᠥᠷᠯᠥᠭᠡ ᠶᠢᠨ 6 | ᠴᠠᠭ ᠤᠨ ᠦᠶ᠎ᠡ ᠪᠠᠷ ᠪᠣᠰᠪᠠᠯ ᠨᠡᠯᠢᠶᠡᠳ ᠲᠣᠬᠢᠷᠠᠮᠵᠢᠲᠠᠢ᠃ ᠦᠷᠭᠦᠯᠵᠢ ᠰᠥᠨᠢᠵᠢᠨ ᠠᠵᠢᠯᠯᠠᠳᠠᠭ ᠬᠥᠮᠥᠨ ᠴᠠᠭ ᠲᠤᠬᠠᠢ ᠳᠤᠨᠢ ᠴᠢᠨᠠᠷ ᠰᠠᠶᠢᠲᠠᠢ ᠤᠭᠤᠷᠠᠭ ᠪᠣᠯᠣᠨ | ᠸᠢᠲ᠋ᠠᠮᠢᠨ A ᠨᠥᠬᠦᠬᠦ ᠬᠡᠷᠡᠭᠲᠡᠢ᠃ ᠣᠷᠣᠢ ᠤᠨᠲᠠᠬᠤ ᠠᠴᠠ ᠪᠠᠨ ᠡᠮᠦᠨ᠎ᠡ ᠬᠥᠯ ᠢᠶᠠᠨ ᠳᠡᠪᠲᠦᠭᠡᠪᠡᠯ ᠨᠣᠶᠢᠷ ᠬᠤᠯᠵᠢᠬᠤ ᠶᠢ ᠰᠡᠷᠭᠡᠶᠢᠯᠡᠨ᠎ᠡ᠃ ᠡᠭᠦᠨ ᠠᠴᠠ ᠭᠠᠳᠠᠨ᠎ᠠ᠂ | ᠥᠪᠡᠷ ᠢ ᠪᠠᠨ ᠲᠣᠬᠢᠷᠠᠭᠤᠯᠬᠤ ᠪᠠᠷ ᠳᠡᠮᠵᠢᠨ ᠬᠡᠢ ᠴᠢᠰᠤ ᠶᠢ ᠨᠥᠬᠦᠵᠦ ᠪᠣᠯᠣᠨ᠎ᠠ᠂ ᠢᠳᠡᠭᠡᠨ ᠤᠮᠳᠠᠭᠠᠨ ᠤ ᠲᠠᠯ᠎ᠠ ᠪᠠᠷ ᠭᠤᠱᠤᠭᠤᠨ᠂ ᠰᠡᠷᠢᠭᠦᠨ᠂ ᠬᠦᠢᠲᠡᠨ ᠢᠳᠡᠭᠡᠨ ᠢ | ᠪᠠᠭ᠎ᠠ ᠢᠳᠡᠵᠦ᠂ ᠰᠢᠩᠭᠡᠨ ᠰᠢᠮᠡᠯᠢᠭ ᠢᠳᠡᠭᠡᠨ ᠢᠶᠠᠷ ᠭᠤᠣᠯ ᠪᠣᠯᠭᠠᠨ᠎ᠠ᠃ ᠤᠯᠠᠭᠠᠨ ᠴᠢᠪᠠᠭ᠎ᠠ ᠲᠠᠢ ᠥᠨᠳᠡᠭᠡᠨ ᠱᠥᠯᠥ ᠬᠡᠢ ᠴᠢᠰᠤ ᠶᠢ ᠰᠢᠮᠡᠵᠢᠭᠦᠯᠵᠦ ᠴᠢᠳᠠᠨ᠎ᠠ᠃ | ᠰᠦᠨ ᠣᠷᠬᠤᠳᠠᠢ 9 ᠭᠷᠡᠮ᠂ ᠤᠯᠠᠭᠠᠨ ᠴᠢᠪᠠᠭ᠎ᠠ 20 ᠭᠷᠡᠮ᠂ ᠤᠯᠠᠭᠠᠨ ᠪᠤᠷᠴᠠᠭ 20 ᠭᠷᠡᠮ᠂ ᠬᠤᠯᠢᠮ᠎ᠠ ᠶᠢᠨ ᠴᠥᠮ᠎ᠡ 20 ᠭᠷᠡᠮ ᠢ ᠤᠬᠢᠶᠠᠨ ᠴᠡᠪᠡᠷᠯᠡᠭᠡᠳ ᠬᠠᠮᠲᠤ | ᠲᠣᠭᠤᠭᠠᠨ ᠳᠠᠭᠠᠨ ᠬᠢᠵᠦ᠂ ᠪᠤᠷᠠᠮ 20 ᠭᠷᠡᠮ᠂ ᠵᠣᠬᠢᠬᠤ ᠬᠡᠮᠵᠢᠶᠡᠨ ᠤ ᠤᠰᠤ ᠨᠡᠮᠡᠵᠦ ᠴᠢᠨᠠᠵᠤ ᠪᠤᠯᠭᠤᠨ᠎ᠠ᠃ ᠡᠨᠡ ᠨᠢ ᠨᠠᠮᠤᠷ ᠤᠨ ᠰᠡᠷᠢᠭᠦᠦ ᠳᠤ ᠪᠡᠶ᠎ᠡ ᠲᠠᠮᠢᠷᠳᠠᠨ | ᠰᠤᠯᠠᠷᠠᠬᠤ ᠶᠢ ᠵᠠᠰᠠᠬᠤ ᠳᠤ ᠲᠤᠰᠠᠲᠠᠢ᠃ | | |