︽ᠵᠢᠷᠭᠤᠭᠠᠨ ᠰᠠᠷ᠎ᠠ ᠶᠢᠨ ᠨᠢᠭᠡᠨ︾ ᠤ ᠳᠡᠯᠡᠬᠡᠢ ᠶᠢᠨ ᠬᠡᠦᠬᠡᠳ ᠤᠨ ᠪᠠᠶᠠᠷ ᠬᠦᠷᠴᠦ ᠢᠷᠡᠬᠦ ᠲᠠᠰᠢᠷᠠᠮ ᠳᠤ᠂ ᠨᠠᠮ ᠤᠨ ᠬᠤᠷᠢᠳᠤᠭᠠᠷ ᠬᠤᠭᠤᠴᠠᠭᠠᠨ ᠤ | ᠲᠥᠪ ᠬᠤᠷᠢᠶᠠᠨ ᠤ ᠭᠤᠷᠪᠠᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢᠨ ᠲᠥᠯᠥᠭᠡ᠂ ᠨᠠᠮ ᠤᠨ | ᠪᠠᠶᠢᠭᠤᠯᠤᠯᠲᠠ ᠶᠢᠨ ᠬᠥᠲᠥᠯᠥᠨ ᠳᠠᠭᠠᠭᠤᠯᠬᠤ ᠦᠢᠯᠡᠳᠦᠯ ᠢ ᠭᠦᠢᠴᠡᠳ ᠪᠠᠳᠠᠷᠠᠭᠤᠯᠵᠤ᠂ ᠨᠡᠶᠢᠭᠡᠮ ᠤᠨ ᠬᠠᠶᠢᠷ᠎ᠠ ᠬᠠᠯᠠᠮᠵᠢ ᠶᠢ ᠳᠠᠮᠵᠢᠭᠤᠯᠤᠨ᠂ ᠬᠦᠴᠢᠷᠳᠡᠯ ᠳᠤ | ᠲᠤᠯᠭᠠᠷᠠᠭᠰᠠᠨ ᠬᠡᠦᠬᠡᠳ ᠤᠨ ᠦᠰᠦᠨ ᠪᠤᠶᠢᠵᠢᠯᠲᠠ ᠶᠢ ᠬᠠᠯᠠᠮᠵᠢᠯᠠᠬᠤ ᠶᠢᠨ ᠲᠥᠯᠥᠭᠡ᠂ 5 ᠰᠠᠷ᠎ᠠ ᠶᠢᠨ 31᠋ ᠤ ᠡᠳᠦᠷ᠂ ᠭᠠᠨᠵᠤᠤᠷ ᠰᠤᠮᠤ ᠶᠢᠨ ᠶᠡᠭᠡᠬᠦ᠋ᠷᠢᠶᠡ | ᠭᠠᠴᠠᠭ᠎ᠠ ︽ᠬᠡᠦᠬᠡᠳᠯᠢᠭ ᠰᠡᠳᠬᠢᠯ ᠨᠠᠮ ᠳᠠᠭᠠᠨ ᠬᠦᠰᠡᠯ ᠵᠡᠭᠦᠳᠦ ᠪᠠᠨ ᠲᠡᠷᠭᠡᠯᠰᠢᠭᠦᠯᠵᠦ᠂ ᠪᠠᠭᠠᠴᠤᠳ ᠤᠨ ᠦᠰᠦᠨ ᠪᠤᠶᠢᠵᠢᠯᠳᠠ ᠶᠢ ᠨᠠᠮ ᠤᠨ ᠭᠡᠰᠢᠭᠦᠨ | ᠬᠠᠯᠠᠮᠵᠢᠯᠠᠨ᠎ᠠ︾ ᠭᠤᠣᠯ ᠰᠡᠳᠦᠪᠲᠦ ᠬᠥᠳᠡᠯᠭᠡᠭᠡᠨ ᠥᠷᠨᠢᠭᠦᠯᠵᠦ᠂ ᠶᠡᠭᠡᠬᠦ᠋ᠷᠢᠶᠡ ᠭᠠᠴᠠᠭ᠎ᠠ ᠶᠢᠨ︽ᠬᠤᠶᠠᠷ ᠵᠥᠪᠯᠡᠯ︾᠂ ᠨᠠᠮ ᠤᠨ ᠭᠡᠰᠢᠭᠦᠨ ᠤ ᠭᠤᠣᠯᠯᠠᠬᠤ ᠡᠷᠦᠬᠡ᠂ | ᠲᠠᠪᠤᠨ ᠠᠬᠠᠮᠠᠳ᠂ ᠬᠡᠦᠬᠡᠳ ᠵᠢᠴᠢ ᠭᠡᠷ ᠤᠨ ᠠᠬᠠᠮᠠᠳ ᠬᠠᠮᠲᠤᠪᠠᠷ ᠲᠤᠰ ᠬᠥᠳᠡᠯᠭᠡᠭᠡᠨ ᠳᠤ ᠣᠷᠣᠯᠴᠠᠪᠠ᠃ | | | | | ᠬᠥᠳᠡᠯᠭᠡᠭᠡᠨ ᠡᠬᠢᠯᠡᠮᠡᠭᠴᠡ᠂ ᠶᠡᠭᠡᠬᠦ᠋ᠷᠢᠶᠡ ᠭᠠᠴᠠᠭ᠎ᠠ ᠶᠢᠨ ᠨᠠᠮ ᠤᠨ ᠡᠭᠦᠷ ᠤᠨ ᠱᠦᠵᠢ ︽ᠨᠠᠮ ᠤᠨ ᠠᠴᠢ ᠶᠢ ᠮᠡᠳᠡᠷᠡᠵᠦ᠂ ᠨᠠᠮ ᠤᠨ ᠦᠭᠡ ᠶᠢ ᠰᠣᠨᠣᠰᠴᠤ᠂ | ᠨᠠᠮ ᠢᠶᠠᠨ ᠲᠠᠭᠠᠬᠤ︾ ᠣᠯᠠᠨ ᠲᠦᠮᠡᠨ ᠤ ᠬᠥᠮᠦᠵᠢᠯ ᠢ ᠤᠬᠠᠭᠤᠯᠤᠨ ᠲᠠᠶᠢᠯᠪᠤᠷᠢᠯᠠᠵᠤ᠂ ︽ᠵᠢᠷᠭᠤᠭᠠᠨ ᠥᠭᠦᠯᠡᠪᠦᠷᠢ ᠶᠢᠨ ᠪᠣᠳᠠᠲᠤ ᠬᠡᠷᠡᠭ ᠪᠠ ᠶᠣᠰᠣ ᠤᠴᠢᠷ︾ ᠵᠢᠴᠢ | ᠨᠠᠮ ᠤᠨ ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠶᠢ ᠭᠦᠨᠵᠡᠭᠡᠢ ᠪᠥᠭᠡᠳ ᠣᠶᠢᠯᠠᠭᠠᠮᠵᠢᠲᠠᠢ ᠲᠠᠶᠢᠯᠪᠤᠷᠢᠯᠠᠵᠤ᠂ ᠣᠯᠠᠨ ᠳᠤ ᠨᠠᠮ ᠤᠨ ᠣᠨᠣᠯ ᠤᠨ | ᠲᠤᠬᠠᠢ ᠨᠠᠩ ᠭᠦᠨᠵᠡᠭᠡᠢ ᠣᠶᠢᠯᠠᠭᠠᠯᠲᠠ ᠲᠠᠢ ᠪᠣᠯᠭᠠᠵᠠᠢ᠃ ᠡᠭᠦᠨ ᠤ ᠬᠠᠮᠲᠤ᠂ ᠬᠡᠦᠬᠡᠳ ᠪᠣᠯ ᠡᠬᠡ ᠤᠯᠤᠰ ᠤᠨ ᠢᠷᠡᠭᠡᠳᠦᠢ᠂ ᠦᠨᠳᠦᠰᠦᠲᠡᠨ ᠤ ᠬᠦᠰᠡᠯ ᠡᠷᠡᠮᠡᠯᠵᠡᠯ | ᠮᠥᠨ᠂ ᠨᠠᠮ ᠤᠨ ᠬᠠᠯᠠᠮᠵᠢᠯᠠᠯ ᠳᠣᠣᠷ᠎ᠠ᠂ ᠬᠡᠦᠬᠡᠳ ᠨᠢᠭᠡᠪᠦᠷᠢ ᠴᠥᠮ ᠢᠳᠡᠷᠡᠭᠦᠨ ᠢᠶᠠᠷ ᠦᠰᠦᠨ ᠪᠣᠶᠢᠵᠢᠬᠤ ᠶᠢ ᠴᠢᠬᠤᠯᠠᠴᠢᠯᠠᠵᠤ᠂ ᠣᠯᠠᠨ ᠢᠶᠠᠷ ᠢᠶᠠᠨ ᠬᠠᠮᠲᠤ ᠪᠠᠷ | ᠬᠡᠦᠬᠡᠳ ᠤᠨ ᠦᠰᠦᠨ ᠪᠤᠶᠢᠵᠢᠯᠲᠠ ᠶᠢ ᠬᠠᠮᠠᠭᠠᠯᠠᠬᠤ ᠶᠢ ᠤᠷᠢᠶᠠᠯᠠᠭᠰᠠᠨ ᠪᠥᠭᠡᠳ ᠪᠠᠰᠠ ᠬᠤᠶᠢᠴᠢ ᠦᠶ᠎ᠡ ᠶᠢᠨ ᠬᠢᠨ ᠢᠶᠠᠨ ᠬᠠᠯᠠᠮᠵᠢᠯᠠᠨ ᠬᠠᠶᠢᠷᠠᠯᠠᠬᠤ ᠠᠵᠢᠯ ᠤᠨ | ᠬᠠᠷᠠᠯᠲᠠ ᠪᠠᠨ ᠲᠣᠳᠣᠷᠬᠠᠢ ᠲᠣᠭᠲᠠᠭᠠᠭᠰᠠᠨ ᠪᠠᠶᠢᠨ᠎ᠠ᠃ | | | | | | ᠳᠠᠷᠠᠭ᠎ᠠ ᠳᠤᠨᠢ᠂ ᠲᠠᠪᠤᠨ ᠠᠬᠠᠮᠠᠳ ᠴᠢᠯᠠᠭᠤᠨᠪᠠᠭᠠᠲᠤᠷ ᠨᠠᠰᠤᠲᠠᠨ ︽ᠬᠤᠶᠢᠴᠢ ᠦᠶ᠎ᠡ ᠶᠢᠨ ᠬᠢᠨ ᠢᠶᠠᠨ ᠬᠠᠯᠠᠮᠵᠢᠯᠠᠶ᠎ᠠ︾ ᠭᠡᠬᠦ ᠭᠤᠣᠯ ᠰᠡᠳᠦᠪ ᠤᠨ | ᠲᠣᠭᠤᠷᠢᠨ ᠳᠤ ᠶᠠᠷᠢᠶ᠎ᠠ ᠲᠠᠯᠪᠢᠵᠤ᠂ ᠨᠠᠰᠤᠲᠠᠨ ᠨᠢᠭᠡ ᠨᠠᠰᠤᠨ ᠤ ᠲᠤᠷᠰᠢᠯᠭ᠎ᠠ ᠪᠠ ᠣᠶᠤᠨ ᠤᠬᠠᠭᠠᠨ ᠢᠶᠠᠷ ᠢᠶᠠᠨ ᠬᠡᠦᠬᠡᠳ ᠤᠳ ᠲᠤ ᠬᠠᠶᠢᠷ᠎ᠠ ᠬᠠᠯᠠᠮᠵᠢ ᠪᠠ ᠬᠦᠰᠡᠯ | ᠡᠷᠡᠮᠡᠯᠵᠡᠯ ᠢᠶᠠᠨ ᠬᠠᠨᠳᠤᠭᠤᠯᠵᠤ᠂ ᠬᠤᠶᠢᠴᠢ ᠦᠶ᠎ᠡ ᠶᠢᠨ ᠬᠢᠨ ᠤ ᠦᠰᠦᠨ ᠪᠤᠶᠢᠵᠢᠯᠲᠠ ᠶᠢ ᠬᠠᠮᠠᠭᠠᠯᠠᠬᠤ ᠬᠡᠷᠡᠭᠲᠡᠢ ᠭᠡᠵᠦ ᠭᠦᠨ ᠨᠠᠶᠢᠳᠠᠭᠰᠠᠨ ᠪᠠᠶᠢᠨ᠎ᠠ᠃ ᠨᠠᠮ ᠤᠨ | ᠭᠡᠰᠢᠭᠦᠨ ᠤ ᠭᠤᠣᠯᠯᠠᠬᠤ ᠡᠷᠦᠬᠡ ᠳᠠᠷᠠᠭᠠᠯᠠᠨ ᠶᠠᠷᠢᠶ᠎ᠠ ᠲᠠᠯᠪᠢᠵᠤ᠂ ᠲᠡᠳᠡᠨ ᠤ ᠬᠡᠦᠬᠡᠳ ᠤᠨ ᠦᠰᠦᠨ ᠪᠤᠶᠢᠵᠢᠯᠲᠠ ᠶᠢᠨ ᠲᠤᠬᠠᠢ ᠬᠠᠯᠠᠮᠵᠢᠯᠠᠯ ᠪᠣᠯᠣᠨ ᠬᠦᠰᠡᠯ | ᠨᠠᠶᠢᠳᠠᠯᠭ᠎ᠠ ᠶᠢ ᠬᠤᠪᠢᠶᠠᠯᠴᠠᠵᠤ᠂ ᠦᠢᠯᠡ ᠠᠵᠢᠯᠯᠠᠭ᠎ᠠ ᠪᠠᠷ ᠢᠶᠠᠨ ᠡᠪ ᠬᠠᠮᠲᠤ ᠨᠠᠮ ᠤᠨ ᠭᠡᠰᠢᠭᠦᠨ ᠤ ᠤᠭ ᠰᠠᠨᠠᠭ᠎ᠠ ᠶᠢ ᠲᠠᠶᠢᠯᠪᠤᠷᠢᠯᠠᠵᠤ᠂ ᠬᠡᠦᠬᠡᠳ ᠤᠳ ᠲᠤ | ᠰᠤᠷᠤᠯᠴᠠᠬᠤ ᠳᠠᠭᠤᠷᠢᠶᠠᠯ ᠦᠵᠡᠭᠦᠯᠪᠡ᠃ ᠬᠥᠳᠡᠯᠭᠡᠭᠡᠨ ᠳᠤ᠂ ᠨᠠᠮ ᠤᠨ ᠭᠡᠰᠢᠭᠦᠨ ᠤ ᠭᠤᠣᠯᠯᠠᠬᠤ ᠡᠷᠦᠬᠡ ᠪᠠᠰᠠ ᠲᠥᠪ ᠤᠨ ᠨᠠᠢᠮᠠᠨ ᠵᠤᠷᠪᠤᠰ ᠲᠣᠭᠲᠠᠭᠠᠯ ᠤᠨ | ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠰᠤᠷᠤᠯᠴᠠᠯᠭ᠎ᠠ ᠬᠥᠮᠦᠵᠢᠯ ᠤᠨ ᠬᠠᠮᠢᠶ᠎ᠠ ᠪᠦᠬᠦᠢ ᠠᠭᠤᠯᠭ᠎ᠠ ᠶᠢ ᠳᠠᠭᠠᠭᠤᠯᠤᠨ ᠰᠤᠷᠤᠯᠴᠠᠪᠠ᠃ | | | | | | | ᠬᠡᠦᠬᠡᠳ ᠢ ᠲᠣᠬᠤᠨᠢᠭᠤᠯᠬᠤ ᠬᠥᠳᠡᠯᠭᠡᠭᠡᠨ ᠳᠤ᠂ ᠨᠠᠮ ᠤᠨ ᠡᠭᠦᠷ ᠤᠨ ᠱᠦᠵᠢ᠂ ᠨᠠᠮ ᠤᠨ ᠭᠡᠰᠢᠭᠦᠨ ᠤ ᠭᠤᠣᠯᠯᠠᠬᠤ ᠡᠷᠦᠬᠡ ᠪᠣᠯᠣᠨ ᠲᠠᠪᠤᠨ | ᠠᠬᠠᠮᠠᠳ ᠠᠴᠠ ᠬᠡᠦᠬᠡᠳ ᠤᠳ ᠲᠤ ᠨᠠᠷᠢᠨ ᠨᠢᠮᠪᠠᠢ ᠪᠡᠯᠡᠳᠬᠡᠭᠰᠡᠨ 4500 ᠲᠥᠭᠦᠷᠢᠭ ᠤᠨ ᠪᠡᠯᠡᠭ ᠪᠠ ᠲᠣᠬᠤᠨᠢᠭᠤᠯᠬᠤ ᠮᠥᠩᠭᠦ ᠬᠦᠷᠭᠡᠭᠰᠡᠨ ᠪᠠᠶᠢᠨ᠎ᠠ᠃ | ᠬᠡᠦᠬᠡᠳ ᠤᠨ ᠪᠡᠯᠡᠭ ᠢ ᠳᠤᠰᠤᠭᠰᠠᠨ ᠪᠠᠶᠠᠷᠲᠤ ᠢᠨᠢᠶᠡᠳᠦ ᠶᠢ ᠬᠠᠷᠠᠭᠠᠳ ᠲᠤᠬᠠᠢ ᠶᠢᠨ ᠲᠠᠯᠠᠪᠠᠢ ᠶᠢᠨ ᠪᠦᠬᠦ ᠬᠥᠮᠥᠰ ᠲᠤᠶᠢᠯ ᠢᠶᠠᠷ ᠪᠠᠶᠠᠷᠯᠠᠪᠠ᠂ ᠡᠨᠡᠬᠦ ᠪᠡᠯᠡᠭ ᠨᠢ | ᠬᠡᠦᠬᠡᠳ ᠲᠤ ᠬᠠᠨᠳᠤᠭᠤᠯᠤᠭᠰᠠᠨ ᠬᠠᠶᠢᠷ᠎ᠠ ᠬᠠᠯᠠᠮᠵᠢ ᠶᠢ ᠠᠴᠢᠶᠠᠯᠠᠵᠤ ᠪᠠᠶᠢᠬᠤ ᠪᠥᠭᠡᠳ ᠪᠠᠰᠠ ᠨᠠᠮ ᠤᠨ ᠬᠠᠯᠠᠮᠵᠢᠯᠠᠯ ᠳᠣᠣᠷ᠎ᠠ ᠡᠷᠡᠭᠦᠯ ᠢᠶᠠᠷ ᠦᠰᠦᠨ ᠪᠣᠶᠢᠵᠢᠵᠤ᠂ | ᠬᠦᠰᠡᠯ ᠵᠡᠭᠦᠳᠦ ᠪᠠᠨ ᠡᠷᠡᠯᠬᠡᠭ ᠢᠶᠠᠷ ᠬᠥᠭᠡᠭᠡᠴᠡᠯᠳᠦᠬᠦ ᠰᠠᠶᠢᠨ ᠰᠠᠶᠢᠬᠠᠨ ᠬᠦᠰᠡᠯ ᠡᠷᠡᠮᠡᠯᠵᠡᠯ ᠢ ᠨᠠᠶᠢᠳᠠᠵᠤ ᠪᠠᠶᠢᠭ᠎ᠠ ᠶᠤᠮ᠃ | ᠲᠤᠰ ᠤᠳᠠᠭᠠᠨ ᠤ ᠭᠤᠣᠯ ᠰᠡᠳᠦᠪᠲᠦ ᠬᠥᠳᠡᠯᠭᠡᠭᠡᠨ᠂ ᠠᠮᠢᠳᠤᠯᠢᠭ ᠰᠠᠶᠢᠬᠠᠨ ᠬᠤᠪᠢᠰᠬᠠᠯ ᠤᠨ ᠰᠤᠷᠭᠠᠨ ᠬᠥᠮᠦᠵᠢᠯ ᠤᠨ ᠬᠢᠴᠢᠶᠡᠯ ᠪᠣᠯᠬᠤ ᠪᠠᠷ ᠪᠠᠷᠠᠬᠤ | ᠦᠭᠡᠢ᠂ ᠮᠥᠨ ᠴᠦ ᠨᠢᠭᠡᠨ ᠤᠳᠠᠭᠠᠨ ᠤ ᠬᠠᠯᠠᠭᠤᠨ ᠳᠤᠯᠠᠭᠠᠨ ᠬᠠᠶᠢᠷ᠎ᠠ ᠬᠠᠯᠠᠮᠵᠢ ᠶᠢᠨ ᠳᠠᠮᠵᠢᠭᠤᠯᠭ᠎ᠠ ᠮᠥᠨ᠂ ᠡᠨᠡ ᠨᠢ ᠬᠡᠦᠬᠡᠳ ᠤᠨ ᠨᠠᠮ ᠤᠨ ᠲᠤᠬᠠᠢ ᠲᠠᠨᠢᠯᠲᠠ | ᠪᠠ ᠬᠠᠶᠢᠷ᠎ᠠ ᠬᠠᠯᠠᠮᠵᠢ ᠶᠢ ᠴᠢᠩᠭᠠᠷᠠᠭᠤᠯᠤᠭᠰᠠᠨ ᠢᠶᠠᠷ ᠪᠠᠷᠠᠬᠤ ᠦᠭᠡᠢ ᠪᠠᠰᠠ ᠨᠠᠮ ᠤᠨ ᠭᠡᠰᠢᠭᠦᠨ᠂ ᠲᠠᠪᠤᠨ ᠠᠬᠠᠮᠠᠳ ᠵᠡᠷᠭᠡ ᠡᠯ᠎ᠡ ᠲᠠᠯ᠎ᠠ ᠶᠢᠨ ᠬᠦᠴᠦᠨ ᠢ ᠤᠯᠠᠮ | ᠨᠢᠭᠡ ᠠᠯᠬᠤᠮ ᠨᠢᠭᠲᠠᠷᠠᠭᠤᠯᠵᠤ᠂ ᠬᠡᠦᠬᠡᠳ ᠤᠨ ᠡᠷᠡᠭᠦᠯ ᠢᠶᠠᠷ ᠦᠰᠦᠨ ᠪᠣᠶᠢᠵᠢᠬᠤ ᠳᠤ ᠰᠠᠶᠢᠨ ᠰᠠᠶᠢᠬᠠᠨ ᠨᠡᠶᠢᠭᠡᠮ ᠤᠨ ᠣᠷᠴᠢᠨ ᠨᠥᠬᠦᠴᠡᠯ ᠢ ᠪᠤᠶ ᠪᠣᠯᠭᠠᠵᠤ᠂ | ᠬᠤᠪᠢᠰᠬᠠᠯ ᠤᠨ ᠭᠧᠨ ᠢ ᠬᠡᠦᠬᠡᠳ ᠤᠨ ᠰᠡᠳᠬᠢᠯ ᠳᠤ ᠦᠨᠳᠦᠰᠦᠯᠡᠭᠦᠯᠦᠨ ᠰᠣᠶᠣᠭᠠᠯᠠᠭᠤᠯᠵᠤ᠂ ᠬᠠᠶᠢᠷ᠎ᠠ ᠬᠠᠯᠠᠮᠵᠢ ᠶᠢᠨ ᠳᠤᠮᠳᠠ ᠢᠳᠡᠷᠡᠭᠦᠨ ᠢᠶᠠᠷ | ᠪᠣᠶᠢᠵᠢᠭᠤᠯᠤᠨ᠎ᠠ᠃ | | |