ᠠᠶᠠᠯᠠᠯ ᠵᠢᠭᠤᠯᠴᠢᠯᠡᠯ ᠤᠨ ᠦᠵᠡᠮᠵᠢᠲᠦ ᠣᠷᠣᠨ
ᠨᠡᠶᠢᠲᠡᠯᠡᠭᠰᠡᠨ ᠴᠠᠭ᠄
2017-07-31
                       ᠠᠶᠠᠯᠠᠯ ᠵᠢᠭᠤᠯᠴᠢᠯᠡᠯ ᠤᠨ ᠦᠵᠡᠮᠵᠢᠲᠦ ᠣᠷᠣᠨ       ᠵᠢᠭᠤᠯᠴᠢᠯᠠᠯ ᠤᠨ ᠦᠢᠯᠡᠰ ᠪᠤᠯ ᠯᠤᠲᠤ ᠶᠡᠭᠡ ᠬᠦᠭᠵᠢᠯᠲᠡ ᠶᠢᠨ ᠨᠦᠭᠡᠴᠡ ᠬᠦᠴᠦᠨ ᠪᠦᠬᠦᠢ ᠪᠠᠶᠢᠯᠳᠤᠬᠤ ᠪᠤᠳᠤᠯᠭ᠎ᠠ ᠶᠢᠨ ᠴᠢᠨᠠᠷᠲᠠᠢ ᠰᠢᠨ᠎ᠡ ᠪᠠᠷ ᠮᠠᠨᠳᠤᠵᠤ ᠪᠠᠶᠢᠭ᠎ᠠ ᠠᠵᠤ ᠦᠢᠯᠠᠰ ᠪᠦᠭᠡᠳ ᠠᠷᠠᠳ ᠢᠶᠠᠨ ᠪᠠᠶᠠᠵᠢᠭᠤᠯᠬᠤ ᠠᠵᠤ ᠦᠢᠯᠠᠰ ᠪᠤᠯᠤᠨ᠎ᠠ᠃ ᠮᠥᠨ ᠴᠦ ᠤᠯᠤᠰ ᠠᠷᠠᠳ ᠤᠨ ᠠᠵᠤ ᠠᠬᠤᠢ ᠶᠢᠨ ᠲᠤᠯᠭᠠᠭᠤᠷᠢ ᠠᠵᠤ ᠦᠢᠯᠠᠰ ᠪᠠ ᠤᠳᠤ ᠦᠶ᠎ᠡ ᠶᠢᠨ ᠠᠷᠠᠳ ᠤᠯᠠᠨ ᠤ ᠦᠢᠯᠡᠴᠢᠯᠡᠭᠡᠨ ᠤ ᠠᠵᠤ ᠦᠢᠯᠠᠰ ᠪᠤᠯᠬᠤ ᠶᠤᠮ᠃ ᠵᠢᠭᠤᠯᠴᠢᠯᠠᠯ ᠤᠨ ᠦᠢᠯᠡᠰ ᠎ ᠢ ᠬᠦᠭᠵᠢᠭᠦᠯᠬᠦ ᠨᠢ ᠭᠤᠷᠪᠠᠳᠤᠭᠠᠷ ᠠᠵᠤ ᠦᠢᠯᠡᠰ ᠢ ᠬᠦᠭᠵᠢᠭᠦᠯᠬᠦ᠂ ᠠᠵᠤ ᠠᠬᠤᠢ ᠶᠢᠨ ᠪᠦᠲᠦᠴᠡ ᠳᠤ ᠲᠤᠬᠢᠷᠠᠭᠤᠯᠤᠯᠲᠠ ᠬᠢᠬᠦ᠂ ᠦᠨᠳᠦᠰᠦᠲᠡᠨ ᠤ ᠰᠤᠶᠤᠯ ᠢᠶᠠᠨ ᠤᠯᠠᠮᠵᠢᠯᠠᠨ ᠬᠦᠭᠵᠢᠭᠦᠯᠬᠦ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠵᠢᠴᠢ ᠤᠷᠴᠢᠨ ᠠᠬᠤᠢ ᠪᠠᠨ ᠬᠠᠮᠠᠭᠠᠯᠠᠬᠤ ᠵᠡᠷᠭᠡ ᠲᠠᠯ᠎ᠠ ᠳᠤ ᠴᠦᠮ ᠴᠢᠬᠤᠯᠠ ᠶᠡᠭᠡ ᠠᠴᠢ ᠬᠤᠯᠪᠤᠭᠳᠠᠯᠲᠠᠢ ᠶᠤᠮ᠃      ᠲᠤᠰ ᠬᠡᠰᠡᠭ ᠲᠤ ᠰᠢᠨ᠎ᠡ ᠪᠠᠷᠭᠤ ᠵᠡᠭᠦᠨ ᠬᠤᠰᠢᠭᠤᠨ ᠤ 10 ᠭᠤᠤᠯᠳᠠᠯᠭ᠎ᠠ ᠲᠠᠢ ᠠᠶᠠᠯᠠᠯ ᠵᠢᠭᠤᠯᠴᠢᠯᠠᠯ ᠤᠨ ᠦᠵᠡᠮᠵᠢᠲᠦ ᠤᠷᠤᠨ ᠢ ᠲᠠᠨᠢᠯᠴᠠᠭᠤᠯᠤᠭᠰᠠᠨ ᠪᠠᠶᠢᠨ᠎ᠠ᠃     ᠨᠢᠭᠡ᠂ ᠭᠠᠨᠵᠦᠦᠷ ᠰᠦᠮ᠎ᠡ ᠶᠢᠨ ᠵᠢᠭᠤᠯᠴᠢᠯᠠᠯ ᠤᠨ ᠦᠵᠡᠮᠵᠢᠲᠦ ᠭᠠᠵᠠᠷ     ᠭᠠᠨᠵᠣᠣᠷ ᠰᠦᠮ᠎ᠡ ᠪᠣᠯ ᠬᠦᠯᠦᠨ ᠪᠣᠶᠢᠷ ᠤᠨ ᠲᠠᠯ᠎ᠠ ᠨᠣᠲᠤᠭ ᠲᠠᠬᠢ ᠬᠠᠮᠤᠭ ᠤᠨ ᠲᠣᠮᠣ ᠪᠣᠳ᠋ᠳ᠋ᠾᠠ ᠶᠢᠨ ᠱᠠᠰᠢᠨ ᠤ ᠰᠦᠮ᠎ᠡ ᠪᠣᠯᠬᠤ ᠪᠦᠭᠡᠳ ᠣᠯᠣᠰ ᠤᠨ ︽AAA︾ ᠲᠡᠰ ᠤᠨ ᠲᠡᠣᠬᠡᠨ ᠦᠵᠡᠮᠵᠢᠲᠦ ᠭᠠᠵᠠᠷ ᠪᠣᠯᠣᠨ᠎ᠠ᠃     ᠰᠢᠨ᠎ᠡ ᠪᠠᠷᠭᠤ ᠵᠡᠭᠦᠨ ᠬᠤᠰᠢᠭᠤᠨ ᠤ ᠲᠦᠪ ᠠᠮᠣᠭᠤᠯᠠᠩ ᠪᠠᠯᠭᠠᠰᠦ ᠠᠴᠠ ᠬᠤᠶᠢᠰᠢ 20 ᠺᠢᠯᠣᠮᠧᠲᠷ ᠲᠤ ᠪᠠᠶᠢᠭ᠎ᠠ ᠪᠣᠶᠠᠨᠲᠦ ᠪᠦᠷᠢᠲᠦ ᠶᠢᠨ ᠪᠠᠷᠠᠭᠤᠨ ᠡᠮᠦᠨ᠎ᠡ ᠲᠡᠨᠵᠢᠨ ᠲᠡᠭᠡᠷ᠎ᠡ ᠰᠦᠨᠳᠡᠷᠯᠡᠵᠦ ᠪᠣᠢ᠃ ᠲᠣᠰ ᠰᠦᠮ᠎ᠡ ᠶᠢᠨ ᠵᠢᠩᠬᠢᠨᠢ ᠨᠡᠷ᠎ᠡ ᠨᠢ ︽ᠦᠯᠵᠡᠢ ᠡᠩᠭᠡᠵᠢᠭᠦᠯᠦᠭᠴᠢ ᠰᠦᠮ᠎ᠡ︾ ᠭᠡᠳᠡᠭ ᠪᠣᠯᠪᠠᠴᠦ 108 ᠪᠣᠳᠢ ᠶᠢᠨ ᠭᠠᠨᠵᠣᠣᠷ ᠨᠣᠮ ᠎ ᠢ ᠲᠣᠰᠬᠠᠶᠢᠯᠠᠨ ᠵᠠᠯᠠᠵᠦ ᠰᠢᠲᠦᠵᠦ ᠪᠠᠶᠢᠭ᠎ᠠ ᠲᠣᠯᠠ ︽ᠪᠠᠷᠭᠤ ᠶᠢᠨ ᠣᠯᠠᠭᠠᠨ ᠭᠠᠨᠵᠦᠦᠷ ᠰᠦᠮ᠎ᠡ︾ ᠭᠡᠵᠦ ᠬᠤᠯᠠ ᠣᠶᠢᠷ᠎ᠠ ᠳᠤ ᠠᠯᠳᠠᠷᠰᠢᠵᠠᠢ᠃ ᠠᠩᠬ᠎ᠠ 1781 ᠣᠨ ᠠᠴᠠ ᠡᠬᠢᠯᠡᠵᠦ ᠪᠠᠯᠡᠳᠭᠡᠭᠡᠳ 1785 ᠣᠨ ᠳᠤ ᠪᠠᠷᠢᠯᠭ᠎ᠠ ᠲᠠᠭᠤᠰᠴᠦ᠂ ᠴᠢᠩ ᠣᠯᠣᠰ ᠤᠨ ᠲᠡᠭᠷᠢ ᠲᠡᠳᠬᠦᠭᠴᠢ ᠬᠠᠭᠠᠨ ᠠᠴᠠ      ︽ᠦᠯᠵᠡᠢ ᠡᠩᠭᠡᠵᠢᠭᠦᠯᠦᠭᠴᠢ ᠰᠦᠮ᠎ᠡ︾ ᠭᠡᠰᠡᠨ ᠴᠣᠯᠠ ᠬᠠᠶᠢᠷᠠᠯᠠᠭᠰᠠᠨ ᠪᠦᠭᠡᠳ ᠭᠠᠨᠵᠦᠦᠷ ᠰᠦᠮ᠎ᠡ ᠪᠦᠬᠦᠢ ᠳᠡᠭᠡᠨ 11 ᠰᠠᠭᠤᠷᠢ ᠰᠦᠮ᠎ᠡ᠂ 4 ᠵᠢᠰᠠ ᠪᠣᠯᠣᠨ 100 ᠭᠠᠷᠣᠢ ᠲᠠᠰᠣᠯᠭ᠎ᠠ ᠯᠠᠮᠠ ᠨᠠᠷ ᠤᠨ ᠣᠷᠣᠨ ᠰᠠᠭᠤᠴᠠ ᠪᠦᠬᠦᠢ ᠪᠠᠷᠢᠯᠭ᠎ᠠ ᠶᠢᠨ ᠲᠠᠯᠠᠪᠠᠢ 1 ᠲᠦᠮᠡ ᠭᠠᠷᠣᠢ ᠬᠠᠪᠲᠠᠭᠠᠢ ᠲᠦᠷᠪᠡᠯᠵᠢᠨ ᠮᠧᠲᠷ ᠪᠠᠶᠢᠵᠦ᠂ ᠮᠣᠩᠭᠤᠯ᠂ ᠲᠦᠪᠡᠳ᠂ ᠬᠢᠲᠠᠳ ᠮᠠᠶ᠋ᠢᠭ ᠤᠨ ᠭᠤᠷᠪᠠᠨ ᠲᠦᠷᠦᠯ ᠤᠨ ᠬᠡᠪ ᠨᠠᠮᠪᠠ᠂ ᠰᠣᠶᠣᠯ ᠣᠷᠠᠯᠠᠯ ᠢ ᠣᠶᠠᠯᠳᠣᠭᠤᠯᠣᠭᠰᠠᠨ ᠭᠠᠶᠢᠬᠠᠮᠰᠢᠬᠲᠦ ᠪᠠᠷᠢᠯᠭ᠎ᠠ ᠪᠣᠯᠣᠨ᠎ᠠ᠃     1966 ᠣᠨ ᠳᠤ ︽ᠰᠣᠶᠣᠯ ᠤᠨ ᠶᠡᠭᠡ ᠬᠤᠪᠢᠰᠬᠠᠯ︾᠎ ᠤᠨ ᠲᠣᠮᠳᠠ ᠬᠤᠪᠬᠤ ᠡᠪᠳᠡᠭᠳᠡᠵᠦ᠂   2001 — 2003 ᠣᠨ ᠳᠤ ᠲᠠᠬᠢᠨ ᠰᠢᠨ᠎ᠡ ᠪᠠᠷ ᠰᠡᠷᠭᠦᠭᠡᠨ ᠪᠠᠶᠢᠭᠤᠯᠵᠦ᠂ ᠣᠳᠣ ᠰᠢᠨ᠎ᠡ ᠪᠠᠷᠭᠤ ᠵᠡᠭᠦᠨ ᠬᠤᠰᠢᠭᠤᠨ ᠤ ᠵᠢᠭᠤᠯᠴᠢᠯᠡᠯ ᠤᠨ ᠦᠵᠡᠮᠵᠢᠲᠦ ᠣᠷᠣᠨ ᠤ ᠭᠤᠣᠯᠳᠠᠯᠭ᠎ᠠ ᠲᠠᠢ ᠭᠠᠵᠠᠷ ᠪᠣᠯᠵᠦ ᠪᠠᠶᠢᠨ᠎ᠠ᠃      ᠣᠳᠣ ᠣᠣᠯ ᠤᠨ ᠶᠠᠫᠣᠨ ᠴᠡᠷᠢᠭ ᠤᠨ ᠼᠧᠮᠧᠨ᠋ᠲ ᠪᠠᠬᠢᠯᠡᠯᠲᠡ᠂ ᠲᠠᠬᠢᠯᠭ᠎ᠠ ᠶᠢᠨ ᠣᠪᠣᠭ᠎ᠠ ᠪᠣᠯᠣᠨ ᠰᠦᠮ᠎ᠡ ᠲᠣᠭᠠᠩ᠂ ᠦᠯᠵᠡᠶᠢᠲᠦ ᠰᠣᠪᠣᠷᠭ᠎ᠠ ᠪᠠᠷ ᠪᠦᠷᠢᠯᠳᠦᠭᠰᠡᠨ ᠱᠠᠰᠢᠨ ᠰᠢᠲᠦᠯᠭᠡ᠂ ᠰᠣᠶᠣᠯ ᠲᠡᠣᠬᠡ᠂ ᠬᠠᠭᠤᠴᠢ ᠪᠣᠳᠠᠰ᠂ ᠦᠨᠳᠦᠰᠦᠲᠡᠨ ᠤ ᠵᠠᠩ ᠦᠢᠯᠡ᠂ ᠲᠠᠯ᠎ᠠ ᠨᠣᠲᠤᠭ ᠤᠨ ᠠᠮᠢ ᠠᠬᠤᠢ ᠶᠢᠨ ᠬᠠᠮᠠᠭᠠᠯᠠᠯᠲᠠ ᠶᠢ ᠪᠠᠭᠳᠠᠭᠠᠭᠰᠠᠨ ︽ᠭᠠᠨᠵᠣᠣᠷ — ᠪᠠᠷᠭᠤ ᠮᠣᠩᠭᠤᠯ ᠤᠨ ᠶᠡᠭᠡ ᠴᠠᠶᠢᠵᠠ︾ ᠵᠢᠭᠤᠯᠴᠢᠯᠠᠯ ᠤᠨ ᠲᠣᠭᠤᠷᠢᠭ ᠪᠤᠯᠤᠨ ᠬᠦᠭᠵᠢᠵᠦ ᠪᠠᠶᠢᠨ᠎ᠠ᠃     ᠭᠠᠨᠵᠣᠣᠷ ᠰᠦᠮ᠎ᠡ ᠳᠤ ᠠᠮᠣᠭᠤᠯᠠᠩ ᠠᠴᠠ ᠭᠠᠨᠵᠣᠣᠷ ᠬᠦᠷᠬᠦ ᠬᠤᠶᠠᠳᠣᠭᠠᠷ ᠲᠡᠰ ᠤᠨ ᠲᠣᠰᠬᠠᠢ ᠱᠣᠭᠤᠮ ᠎ ᠤᠨ ᠵᠠᠰᠠᠮᠠᠯ ᠵᠠᠮ ᠨᠡᠪᠲᠡᠷᠡᠵᠦ᠂ ᠬᠠᠶᠢᠯᠠᠷ ᠲᠣᠭᠤᠷᠢᠭ ᠠᠴᠠ 180 ᠺᠢᠯᠣᠮᠧᠲᠷ᠂ ᠮᠠᠨᠵᠣᠣᠷ ᠬᠤᠳᠠ ᠠᠴᠠ 200 ᠺᠢᠯᠣᠮᠧᠲᠷ᠂ ᠰᠢᠨ᠎ᠡ ᠪᠠᠷᠭᠤ ᠪᠠᠷᠠᠭᠤᠨ ᠬᠤᠰᠢᠭᠤᠨ ᠤ ᠠᠯᠳ᠋ᠬᠠᠮᠡᠭᠡᠯ ᠪᠠᠯᠭᠠᠰᠤᠨ ᠠᠴᠠ 100 ᠺᠢᠯᠦᠮᠧᠲᠷ᠂ ᠬᠢᠩᠭᠠᠨ ᠠᠶᠢᠮᠠᠭ ᠤᠨ ᠷᠠᠰᠢᠶᠠᠨ ᠬᠤᠲᠠ ᠠᠴᠠ 220 ᠺᠢᠯᠣᠮᠧᠲᠷ ᠵᠠᠶᠢᠲᠠᠢ᠂ ᠣᠮᠠᠷᠠᠲᠦ ᠦᠷᠭᠡᠷᠢᠭ ᠤᠨ 48。22、ᠪᠠ ᠵᠠᠭᠦᠨ ᠣᠷᠳᠣᠷᠢᠭ ᠤᠨ 118。08、᠎ ᠲᠤ ᠣᠷᠣᠰᠢᠵᠦ ᠪᠣᠢ᠃     ᠬᠤᠶᠠᠷ᠂ ᠨᠣᠮᠣᠨ ᠬᠠᠨ ᠵᠢᠭᠤᠯᠴᠢᠯᠠᠯ ᠤᠨ ᠦᠵᠡᠮᠵᠢᠲᠦ ᠭᠠᠵᠠᠷ     ᠬᠤᠰᠢᠭᠤᠨ ᠲᠦᠪ ᠠᠮᠣᠭᠤᠯᠠᠩ ᠪᠠᠯᠭᠠᠰᠦ ᠠᠴᠠ ᠡᠮᠦᠨᠡᠰᠢ 55 ᠺᠢᠯᠣᠮᠧᠲᠷ ᠵᠠᠶᠢᠲᠠᠢ᠂ ᠣᠮᠠᠷᠠᠲᠦ ᠦᠷᠭᠡᠷᠢᠭ ᠎ ᠤᠨ 47。48、ᠪᠠ ᠵᠡᠭᠦᠨ ᠣᠷᠳᠣᠷᠢᠭ ᠤᠨ 118。50、᠎ ᠲᠤ ᠣᠷᠣᠰᠢᠵᠦ᠂ ᠨᠣᠮᠣᠨ ᠬᠠᠨ ᠪᠦᠷᠢᠲᠦ ᠰᠣᠮᠣᠨ ᠤ ᠨᠣᠲᠤᠭ ᠲᠤ ᠪᠣᠢ᠃     ᠲᠣᠰ ᠵᠢᠭᠤᠯᠴᠢᠯᠠᠯ ᠤᠨ ᠦᠵᠡᠮᠵᠢᠲᠦ ᠭᠠᠵᠠᠷ ᠨᠢ 1939 ᠣᠨ ᠳᠤ ᠪᠣᠯᠵᠦ ᠦᠩᠭᠡᠷᠡᠭᠰᠡᠨ ︽ᠨᠣᠮᠣᠨ ᠬᠠᠨ ᠎ ᠤ ᠲᠠᠶᠢᠨ︾᠎ ᠤ ᠪᠣᠳᠠᠳᠣ ᠲᠠᠯᠠᠪᠣᠷ᠂ ︽ᠨᠣᠮᠣᠨ ᠬᠠᠨ ᠲᠠᠶᠢᠨ ᠤ ᠮᠦᠽᠸᠢ︾ ᠬᠢᠭᠡᠳ ︽ᠡᠩᠭᠡ ᠲᠠᠶᠢᠪᠣᠩ︾ ᠲᠠᠯᠠᠪᠠᠢ ᠪᠠᠷ ᠪᠦᠷᠢᠯᠳᠦᠵᠡᠢ᠃     ᠨᠣᠮᠣᠨ ᠬᠠᠨ ᠤ ᠲᠠᠶᠢᠨ ᠤ ᠮᠦᠽᠸᠢ ᠶᠢ 2007 ᠣᠨ ᠳᠤ ᠪᠠᠶᠢᠭᠤᠯᠵᠦ᠂ ᠪᠠᠷᠢᠯᠭ᠎ᠠ ᠶᠢᠨ ᠪᠦᠬᠦ ᠲᠠᠯᠠᠪᠠᠢ 2,264 ᠬᠠᠪᠲᠠᠭᠠᠢ ᠲᠦᠷᠪᠠᠯᠵᠢᠨ ᠮᠧᠲᠷ᠂ ᠪᠦᠬᠦᠳᠡ 4 ᠲᠠᠪᠬᠤᠷ ᠪᠠᠷᠢᠯᠭ᠎ᠠ ᠪᠣᠯᠣᠨ᠎ᠠ᠃     1᠂ 2᠂ 3 ᠳ᠋ᠣᠭᠠᠷ ᠳᠠᠪᠬᠤᠷ ᠨᠢ ︽ᠨᠣᠮᠣᠨ ᠬᠠᠨ ᠤ ᠲᠠᠶᠢᠨ︾᠎ ᠤ ᠲᠠᠯᠠᠪᠣᠷ ᠠᠴᠠ ᠣᠯᠳᠠᠭᠰᠠᠨ ᠲᠠᠶᠢᠨ ᠤ ᠦᠯᠡᠳᠡᠭᠳᠡᠯ ᠪᠣᠳᠠᠰ᠂ ᠲᠠᠶᠢᠨ ᠤ ᠲᠠᠯᠠᠪᠣᠷ ᠤᠨ ᠵᠠᠭᠪᠣᠷ᠂ ᠺᠢᠨᠤ᠋ ᠵᠢᠷᠣᠭᠲᠦ ᠲᠠᠩᠬᠢᠮ ᠵᠡᠷᠭᠡ ᠪᠠᠷ ᠪᠦᠷᠢᠯᠳᠦᠵᠦ᠂ ᠲᠦᠷᠪᠡᠳᠦᠭᠡᠷ ᠲᠠᠪᠬᠤᠷ ᠨᠢ ᠪᠦᠬᠦ ᠲᠠᠶᠢᠨ ᠤ ᠲᠠᠯᠠᠪᠣᠷ ᠤᠨ ᠦᠵᠡᠮᠵᠢ ᠶᠢ ᠰᠣᠨᠢᠷᠬᠠᠬᠤ ᠲᠠᠪᠴᠠᠩ ᠪᠣᠯᠣᠨ᠎ᠠ᠃     ᠨᠣᠮᠣᠨ ᠬᠠᠨ ᠤ ᠲᠠᠶᠢᠨ ᠤ ᠮᠦᠽᠸᠢ ᠳᠤ᠂ 300 ᠭᠠᠷᠣᠢ ᠲᠠᠶᠢᠨ ᠤ ᠦᠯᠡᠳᠡᠭᠳᠡᠯ ᠪᠣᠳᠠᠰ᠂ ᠶᠡᠭᠡ ᠬᠡᠮᠵᠢᠶᠡᠨ ᠎ ᠤ ᠪᠠᠷᠢᠮᠳᠠᠲᠤ ᠬᠡᠷᠡᠯ ᠵᠢᠷᠤᠭ ᠵᠢᠴᠢ ᠲᠠᠶᠢᠨ ᠤ ᠪᠠᠶᠢᠳᠠᠯ ᠢ ᠢᠯᠡᠳᠭᠡᠭᠰᠡᠨ ᠵᠢᠷᠤᠭ ᠤᠳ ᠪᠠᠶᠢᠵᠦ᠂ ᠲᠣᠬᠠᠢ ᠶᠢᠨ ᠦᠶ᠎ᠡ ᠶᠢᠨ ᠵᠦᠪᠯᠡᠯᠲᠦ᠂ ᠮᠣᠩᠭᠤᠯ ᠤᠨ ᠴᠡᠷᠢᠭ᠂ ᠵᠦᠺᠤᠸ᠋ ᠵᠠᠩᠵᠣᠨ ᠪᠣᠯᠣᠨ ᠴᠣᠶᠢᠪᠠᠯᠰᠠᠩ ᠮᠠᠷᠱᠠᠯ ᠤᠨ ᠵᠢᠯᠣᠭᠤᠳᠣᠯᠭ᠎ᠠ ᠲᠣᠣᠷ᠎ᠠ ᠶᠠᠫᠣᠨ ᠤ ᠭᠤᠸᠠᠨᠳᠦ᠋ᠩᠵᠢᠶᠦ᠋ᠨ ᠴᠡᠷᠢᠭ ᠢ ᠢᠯᠠᠭᠰᠠᠨ ᠪᠦᠬᠦ ᠦᠩᠭᠡᠷᠡᠯᠲᠡ ᠶᠢ ᠢᠯᠡᠳᠭᠡᠭᠰᠡᠨ ᠪᠠᠶᠢᠨ᠎ᠠ᠃     ᠲᠣᠰ ᠵᠢᠭᠤᠯᠴᠢᠯᠠᠯ ᠤᠨ ᠦᠵᠡᠮᠵᠢᠲᠦ ᠣᠷᠣᠨ ᠳᠤ᠂ ᠲᠣᠬᠠᠢ ᠶᠢᠨ ᠦᠶ᠎ᠡ ᠶᠢᠨ ᠲᠠᠶᠢᠨ ᠤ ᠲᠠᠯᠠᠪᠣᠷ ᠪᠣᠯᠬᠤ᠂ ᠶᠠᠫᠣᠨ ᠴᠡᠷᠢᠭ ᠤᠨ 23 ᠳ᠋ᠣᠭᠠᠷ ᠳ᠋ᠢᠸᠢᠽᠢ ᠪᠣᠯᠣᠨ 6 ᠳ᠋ᠣᠭᠠᠷ ᠬᠤᠷᠢᠶᠠᠨ ᠤ ᠺᠤᠮᠠᠨᠳ᠋ᠯᠠᠬᠤ ᠭᠠᠵᠠᠷ ᠪᠠᠶᠢᠭᠰᠠᠨ ᠵᠠᠩᠵᠣᠨ ᠰᠦᠮ᠎ᠡ ᠶᠢᠨ ᠪᠠᠭᠤᠷᠢ᠂ ᠶᠠᠫᠣᠨ ᠴᠡᠷᠢᠭ ᠤᠨ ᠲᠠᠶᠢᠨ ᠳᠤ ᠦᠷᠡᠭᠳᠡᠭᠰᠡᠳ ᠤᠨ ᠬᠦᠰᠢᠶ᠎ᠡ ᠰᠣᠪᠣᠷᠭ᠎ᠠ ᠶᠢᠨ ᠪᠠᠭᠤᠷᠢ᠂ ᠶᠡᠭᠡ ᠫᠣᠣ ᠶᠢᠨ ᠪᠠᠶᠢᠷᠢ ᠶᠢᠨ ᠭᠤᠣ ᠰᠣᠪᠠᠭ ᠤᠨ ᠪᠠᠭᠤᠷᠢ᠂ ᠶᠠᠫᠣᠨ ᠴᠡᠷᠢᠭ ᠤᠨ ᠪᠠᠺᠲ᠋ᠧᠷᠢ ᠶᠢᠨ 731 ᠣᠲᠷᠢᠶᠠᠲ ᠤᠨ ᠦᠯᠡᠳᠡᠭᠳᠡᠯ ᠪᠠᠭᠤᠷᠢ᠂ ᠶᠠᠫᠣᠨ ᠴᠡᠷᠢᠭ ᠤᠨ ᠴᠢᠨᠳᠠᠷ ᠢ ᠰᠢᠳᠠᠭᠠᠭᠰᠠᠨ ᠪᠠᠭᠤᠷᠢ᠂ ᠶᠠᠫᠣᠨ ᠴᠡᠷᠢᠭ ᠎ ᠤᠨ ᠬᠡᠬᠡᠷᠡᠯᠡᠨ ᠪᠠᠶᠢᠯᠳᠣᠬᠤ ᠴᠡᠷᠢᠭ ᠤᠨ ᠡᠮᠨᠡᠯᠬᠡ ᠪᠠᠶᠢᠭᠰᠠᠨ ᠪᠠᠭᠤᠷᠢ ᠵᠢᠴᠢ ᠬᠤᠯᠣᠰᠣᠲᠠᠢ ᠭᠤᠣᠯ ᠤᠨ ᠲᠠᠶᠢᠨ ᠤ ᠦᠯᠡᠳᠡᠭᠳᠡᠯ ᠪᠠᠭᠤᠷᠢ ᠵᠡᠷᠭᠡ ᠭᠠᠵᠠᠷ ᠤᠳ ᠪᠣᠢ᠃     1996 ᠣᠨ ᠳᠤ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠨᠣᠮᠣᠨ ᠬᠠᠨ ᠭᠠᠵᠠᠷ ᠣᠷᠣᠨ ᠢ ︽ᠡᠬᠡ ᠣᠯᠣᠰ ᠢᠶᠠᠨ ᠬᠠᠶᠢᠷᠠᠯᠠᠬᠤ ᠬᠦᠮᠦᠵᠢᠯ ᠤᠨ ᠰᠠᠭᠤᠷᠢᠨ ᠭᠠᠵᠠᠷ︾ ᠵᠢᠴᠢ ︽ᠲᠡᠣᠬᠡᠨ ᠬᠠᠭᠤᠴᠢ ᠪᠣᠳᠠᠰ ᠤᠨ ᠬᠠᠮᠠᠭᠠᠯᠠᠯᠲᠠ ᠶᠢᠨ ᠣᠷᠣᠨ︾᠎ ᠤ ᠭᠤᠣᠯᠳᠠᠯᠭ᠎ᠠ ᠲᠠᠢ ᠭᠠᠵᠠᠷ ᠣᠷᠣᠨ ᠭᠡᠵᠦ ᠲᠣᠭᠳᠠᠭᠠᠭᠰᠠᠨ ᠪᠠᠶᠢᠨ᠎ᠠ᠃     ᠨᠣᠮᠣᠨ ᠬᠠᠨ ᠵᠢᠭᠤᠯᠴᠢᠯᠠᠯ ᠤᠨ ᠦᠵᠡᠮᠵᠢᠲᠦ ᠣᠷᠣᠨ ᠨᠢ ᠬᠠᠶᠢᠯᠠᠷ ᠲᠣᠭᠤᠷᠢᠭ ᠠᠴᠠ 225 ᠺᠢᠯᠣᠮᠧᠲᠷ᠂ ᠬᠢᠩᠭᠠᠨ ᠠᠶᠢᠮᠠᠭ ᠤᠨ ᠷᠠᠰᠢᠶᠠᠨ ᠬᠤᠲᠠ ᠠᠴᠠ 150 ᠺᠢᠯᠣᠮᠧᠲᠷ᠂ ᠠᠮᠣᠭᠤᠯᠠᠩ — ᠲᠣᠯᠤᠷ ᠤᠨ ᠵᠠᠰᠠᠮᠠᠯ ᠵᠠᠮ ᠨᠡᠪᠲᠡᠷᠡᠵᠦ ᠪᠣᠢ᠃     ᠭᠤᠷᠪᠠ᠂ ᠲᠣᠯᠣᠭᠠᠲᠦ ᠶᠢᠨ ᠠᠶᠠᠯᠠᠯ ᠵᠢᠭᠤᠯᠴᠢᠯᠠᠯ ᠤᠨ ᠦᠵᠡᠮᠵᠢᠲᠦ ᠣᠷᠣᠨ    ︽ᠲᠣᠯᠣᠭᠠᠲᠦ︾ ᠭᠡᠳᠡᠭ ᠨᠢ ᠰᠢᠨ᠎ᠡ ᠪᠠᠷᠭᠤ ᠵᠡᠭᠦᠨ ᠬᠤᠰᠢᠭᠤᠨ ᠤ ᠣᠣᠯ ᠤᠨ ᠵᠣᠰᠠᠯᠠᠩ ᠨᠣᠲᠤᠭ ᠪᠣᠯᠣᠨ᠎ᠠ᠃ ᠡᠨᠡ ᠨᠢ ᠦᠪᠦᠷᠪᠣᠯᠠᠭ ᠰᠣᠮᠣ ᠬᠢᠭᠡᠳ ᠨᠣᠮᠣᠨ ᠬᠠᠨ ᠪᠦᠷᠢᠲᠦ ᠰᠣᠮᠣᠨ ᠤ ᠨᠣᠲᠤᠭ ᠤᠨ ᠲᠣᠮᠳᠠ ᠬᠡᠰᠡᠭ ᠲᠠᠬᠢ ︽ᠪᠠᠷᠰᠲᠦ᠂ ᠰᠢᠭᠤᠶᠢᠲᠦ᠂ ᠦᠯᠦᠩᠲᠦ᠂ ᠬᠠᠰᠢᠶᠠᠲᠦ᠂ ᠵᠠᠮᠳᠦ᠂ ᠬᠤᠰᠣᠲᠦ᠂ ᠲᠣᠭᠤᠭᠠᠲᠦ︾ ᠬᠡᠭᠦ 7 ᠣᠨᠴᠠᠯᠢᠭ ᠪᠦᠬᠦᠢ ᠭᠠᠵᠠᠷ ᠤᠨ ᠬᠤᠷᠢᠶᠠᠩᠭᠤᠶᠢᠯᠠᠯ ᠨᠡᠷᠡᠶᠢᠳᠦᠯ ᠪᠣᠯᠣᠨ᠎ᠠ᠃ ᠲᠡᠭᠡᠷ᠎ᠡ ᠵᠠᠭᠤᠨ ᠤ ᠡᠴᠦᠰ᠂ ᠡᠨᠡ ᠵᠠᠭᠤᠨ ᠤ ᠡᠬᠢᠨ ᠢᠶᠠᠷ ᠬᠤᠰᠢᠭᠤ ᠵᠠᠰᠠᠭ ᠤᠨ ᠣᠷᠳᠣᠨ ᠠᠴᠠ ︽ᠲᠣᠯᠣᠭᠠᠲᠦ ᠨᠣᠲᠤᠭ︾᠎ ᠢ ᠵᠠᠷᠭᠡᠯᠡᠳᠡᠭᠡ ᠠᠶᠢᠮᠠᠭ᠂ ᠬᠤᠲᠠ ᠲᠠᠢ ᠬᠤᠷᠰᠢᠨ ᠨᠡᠬᠡᠬᠡᠨ ᠠᠰᠢᠭᠯᠠᠵᠦ᠂ ᠵᠢᠭᠤᠯᠴᠢᠯᠠᠯ ᠤᠨ ᠦᠢᠯᠡᠰ ᠢ ᠬᠦᠭᠵᠢᠭᠦᠯᠦᠭᠰᠡᠨ ᠢᠶᠠᠷ ᠪᠠᠷᠭᠤ ᠶᠠᠰᠣᠲᠠᠨ ᠤ ᠦᠪᠡᠷᠮᠢᠴᠡ ᠵᠠᠩ ᠦᠢᠯᠡ᠂ ᠠᠵᠦ ᠠᠮᠢᠳᠣᠷᠠᠯ ᠢ ᠢᠯᠡᠳᠭᠡᠭᠰᠡᠨ ᠮᠠᠯᠴᠢᠳ ᠤᠨ ᠵᠢᠭᠤᠯᠴᠢᠯᠠᠯ ᠵᠣᠭᠠᠴᠠᠯ ᠤᠨ ᠡᠷᠦᠭᠡ ᠨᠦᠭᠦᠳ ᠪᠣᠢ ᠪᠣᠯᠣᠭᠰᠠᠨ ᠪᠠᠶᠢᠨ᠎ᠠ᠃     ︽ᠲᠣᠯᠣᠭᠠᠳᠦ︾᠎ ᠶᠢᠨ ᠪᠠᠶᠢᠭᠠᠯᠢᠯᠢᠭ ᠰᠠᠶᠢᠬᠠᠨ ᠦᠵᠡᠮᠵᠢ᠂ ᠲᠠᠯ᠎ᠠ ᠶᠢᠨ ᠴᠠᠭᠠᠨ ᠮᠦᠬᠦ‍ ᠰᠢᠭ ᠴᠠᠶᠢᠷᠠᠭᠰᠠᠨ ᠲᠠᠨᠠᠨ ᠴᠠᠭᠠᠨ ᠮᠣᠩᠭᠤᠯ ᠭᠡᠷ᠂ ᠲᠠᠯ᠎ᠠ ᠲᠦᠭᠦᠷᠡᠩ ᠪᠡᠯᠴᠢᠭᠰᠡᠨ ᠲᠠᠩᠰᠤᠭ ᠪᠠᠶᠠᠨ ᠰᠦᠷᠦᠭ᠂ ᠬᠦᠳᠡᠯᠮᠦᠷᠢᠴᠢ ᠮᠠᠯᠴᠢᠳ ᠤᠨ ᠬᠦᠭᠵᠢᠯᠲᠦ ᠠᠮᠢᠳᠣᠷᠠᠯ ᠤᠨ ᠬᠦᠭ ᠨᠠᠮᠪᠠ᠂ ᠡᠩᠭᠡ ᠨᠠᠶᠢᠷᠠᠮᠳᠠᠭᠤ ᠵᠠᠩ ᠠᠬᠤᠢ ᠨᠢ ᠬᠤᠯᠠ ᠣᠶᠢᠷ᠎ᠠ ᠎ ᠶᠢᠨ ᠵᠢᠭᠤᠯᠴᠢᠯᠠᠭᠰᠠᠳ ᠤᠨ ᠰᠣᠨᠢᠷᠬᠠᠯ ᠢ ᠶᠡᠬᠡᠳᠡ ᠲᠠᠳᠠᠵᠦ ᠪᠣᠢ᠃     ︽ᠲᠣᠯᠣᠭᠠᠳᠦ︾ ᠭᠡᠳᠡᠭ ᠡᠬᠡ ᠪᠠᠶᠢᠭᠠᠯᠢ ᠶᠢᠨ ᠭᠠᠵᠠᠷ ᠣᠰᠣᠨ ᠠᠴᠠ ᠢᠷᠡᠯᠲᠡᠲᠡᠢ ᠨᠡᠷ᠎ᠡ ᠪᠠᠶᠢᠳᠠᠯ᠎ᠠ ᠣᠳᠣ ᠬᠠᠷᠢᠨ ︽ᠲᠣᠯᠣᠭᠠᠨ ᠲᠠᠬᠢᠨᠢ ᠶᠢᠨ ᠨᠠᠭᠤᠷ︾ ᠭᠡᠮᠡᠨ᠂ ᠪᠠᠰᠠ ᠶᠠᠭᠤᠨ ᠤ ︽ᠲᠣᠯᠣᠭᠠᠨ ᠲᠠᠬᠢᠨᠢ ᠶᠢᠨ ᠲᠣᠮᠤᠭ︾ ᠵᠣᠬᠢᠶᠠᠭᠳᠠᠭᠰᠠᠨ ᠨᠢ ᠦᠨᠡᠭᠡᠷ ᠠᠩᠬᠠᠷᠣᠭᠤᠰᠢᠲᠠᠢ︕     ︽ᠲᠣᠯᠣᠭᠠᠳᠦ ᠨᠣᠲᠤᠭ︾᠎ ᠨᠢ ᠠᠮᠣᠭᠤᠯᠠᠩ ᠠᠴᠠ ᠲᠣᠯᠤᠷ ᠬᠦᠷᠬᠦ ᠵᠠᠰᠠᠮᠠᠯ ᠵᠠᠮ ᠤᠨ ᠲᠣᠮᠳᠠ ᠬᠡᠰᠡᠭ ᠲᠤ ᠣᠮᠠᠷᠠᠲᠦ ᠦᠷᠭᠡᠷᠢᠭ ᠤᠨ 47。42、ᠪᠠ ᠵᠡᠭᠦᠨ ᠣᠷᠳᠣᠷᠢᠭ ᠤᠨ 119。27、᠎ ᠲᠤ ᠣᠷᠣᠰᠢᠵᠦ ᠪᠣᠢ᠃     ᠳᠦᠷᠪᠡ᠂ ᠡᠪᠦᠳᠦᠭ ᠬᠢᠯᠢ ᠶᠢᠨ ᠪᠣᠭᠤᠮᠳᠠ ᠶᠢᠨ ᠦᠵᠡᠮᠵᠢᠲᠦ ᠣᠷᠣᠨ     ᠡᠪᠦᠳᠦᠭ ᠬᠢᠯᠢ ᠶᠢᠨ ᠪᠣᠭᠤᠮᠳᠠ ᠨᠢ ᠬᠤᠰᠢᠭᠤᠨ ᠲᠦᠪ ᠠᠮᠣᠭᠤᠯᠠᠩ ᠠᠴᠠ ᠪᠠᠷᠠᠭᠤᠨ ᠡᠮᠦᠨᠡᠰᠢ 20 ᠺᠢᠯᠣᠮᠧᠲᠷ ᠵᠠᠶᠢᠲᠠᠢ ᠬᠠᠯᠬ᠎ᠠ ᠭᠤᠣᠯ ᠤᠨ ᠬᠤᠶᠢᠲᠦ ᠬᠦᠪᠡᠭᠡᠨ ᠳᠤ᠂ ᠣᠯᠣᠰ ᠤᠨ ᠬᠢᠯᠢ ᠶᠢᠨ 1424 ᠳ᠋ᠣᠭᠡᠷ ᠰᠢᠨ᠎ᠡ ᠪᠠᠭᠠᠨ᠎ᠠ ᠶᠢᠨ ᠣᠷᠴᠢᠮ ᠳᠤ ᠬᠠᠯᠬ᠎ᠠ ᠭᠤᠣᠯ ᠢᠶᠠᠷ ᠮᠣᠩᠭᠤᠯ ᠣᠯᠣᠰ ᠤᠨ ᠪᠠᠶᠠᠨ ᠬᠤᠰᠢᠭᠤ ᠬᠠᠷᠠᠭᠤᠯ ︵ᠪᠣᠭᠤᠮᠳᠠ︶᠎ ᠲᠠᠢ ᠨᠢᠭᠤᠷᠲᠠᠨ ᠪᠠᠶᠢᠷᠢᠰᠢᠵᠦ ᠪᠣᠢ᠃    1995 ᠣᠨ ᠳᠤ ᠲᠣᠮᠳᠠᠳᠣ ᠣᠯᠣᠰ ᠤᠨ ᠭᠠᠳᠠᠭᠠᠳᠦ ᠶᠠᠪᠣᠳᠠᠯ ᠤᠨ ᠶᠠᠮᠣᠨ ᠠᠴᠠ ᠨᠢᠭᠡᠳᠦᠭᠡᠷ ᠲᠦᠷᠦᠯ ᠤᠨ ᠣᠯᠠᠷᠢᠯ ᠤᠨ ᠴᠢᠨᠠᠷᠲᠠᠢ ᠬᠢᠯᠢ ᠶᠢᠨ ᠪᠣᠭᠤᠮᠳᠠ ᠪᠠᠷ ᠲᠣᠭᠳᠠᠭᠠᠵᠠᠢ᠃ ᠣᠳᠣ ᠬᠤᠶᠠᠷ ᠣᠯᠣᠰ ᠤᠨ ᠬᠡᠯᠡᠯᠴᠡᠭᠡᠷ ᠢᠶᠠᠷ ᠬᠢᠯᠢ ᠨᠡᠭᠡᠭᠡᠭᠦ ᠬᠤᠭᠤᠴᠠᠭ᠎ᠠ ᠶᠢ ᠵᠢᠯ ᠪᠦᠷᠢ ᠶᠢᠨ 2᠂ 5᠂ 8᠂ 11 ᠳ᠋ᠤᠭᠡᠷ ᠰᠠᠷ᠎ᠠ ᠶᠢᠨ 1 — 15 ᠡᠳᠦᠷ ᠨᠡᠭᠡᠭᠡᠭᠦ ᠪᠠᠷ ᠲᠣᠭᠳᠠᠭᠰᠠᠨ ᠪᠠᠶᠢᠨ᠎ᠠ᠃ ᠣᠯᠠᠨ ᠵᠢᠯ ᠤᠨ ᠲᠣᠷᠰᠢ᠂ ᠡᠪᠦᠳᠦᠭ ᠬᠢᠯᠢ ᠶᠢᠨ ᠪᠣᠭᠤᠮᠳᠠ ᠶᠢᠨ ᠠᠵᠢᠯ ᠢᠯᠭᠤᠮ ᠢᠶᠠᠷ ᠲᠦᠷᠢᠮᠵᠢᠵᠦ᠂ ᠪᠣᠭᠤᠮᠳᠠ ᠶᠢᠨ ᠰᠠᠭᠤᠷᠢ ᠪᠦᠳᠦᠭᠡᠨ ᠪᠠᠶᠢᠭᠤᠯᠣᠯᠲᠠ ᠴᠦ ᠰᠠᠶᠢᠵᠢᠷᠠᠵᠦ᠂ ᠪᠠᠷᠠᠭ᠎ᠠ ᠲᠠᠸᠠᠷ ᠤᠨ ᠭᠠᠷᠭᠠᠯᠲᠠ ᠪᠠ ᠣᠷᠣᠭᠤᠯᠣᠯᠲᠠ ᠶᠢᠨ ᠲᠤᠭ᠎ᠠ ᠬᠡᠮᠵᠢᠶᠡᠨ ᠤ ᠶᠡᠷᠦᠩᠭᠡᠢ ᠨᠣᠷᠮ᠎ᠠ ᠴᠦ ᠵᠢᠯ ᠠᠴᠠ ᠵᠢᠯ ᠳᠤ ᠲᠡᠭᠡᠭᠰᠢᠯᠡᠵᠦ ᠪᠠᠶᠢᠨ᠎ᠠ᠃    ᠡᠪᠦᠳᠦᠭ ᠬᠢᠯᠢ ᠶᠢᠨ ᠪᠣᠭᠤᠮᠳᠠ ᠨᠢ ᠬᠢᠯᠢ ᠶᠢᠨ ᠪᠠᠶᠢᠴᠠᠭᠠᠯᠲᠠ ᠶᠢᠨ ᠲᠣᠮᠣ ᠠᠰᠠᠷ᠂ ᠬᠠᠯᠬ᠎ᠠ ᠭᠤᠣᠯ ᠳᠠᠬᠢ ᠬᠢᠯᠢ ᠠᠯᠣᠰᠯᠠᠭᠰᠠᠨ ᠲᠣᠮᠣ ᠬᠦᠬᠦᠷᠭᠡ᠂ ᠣᠯᠣᠰ ᠤᠨ ᠬᠢᠯᠢ ᠶᠢᠨ ᠪᠠᠭᠠᠨ᠎ᠠ ︵1424 ᠳ᠋ᠣᠭᠡᠷ︶᠂ ᠬᠢᠯᠢ ᠶᠢᠨ ᠲᠡᠮᠳᠡᠭ ᠴᠢᠯᠠᠭᠤ᠂ ᠬᠠᠯᠬ᠎ᠠ ᠭᠤᠣᠯ ᠤᠨ ᠪᠠᠶᠢᠭᠠᠯᠢᠯᠢᠭ ᠦᠵᠡᠮᠵᠢ ᠪᠣᠯᠣᠨ ᠬᠢᠯᠢ ᠶᠢᠨ ᠲᠡᠷᠳᠡᠭᠡ ᠶᠢᠨ ︽ᠬᠠᠯᠬ᠎ᠠ ᠭᠤᠣᠯ ᠤᠨ ᠲᠠᠶᠢᠨ︾᠎ ᠤ ᠲᠠᠯᠠᠪᠣᠷ ᠤᠨ ᠡᠯᠪᠡᠭ ᠠᠷᠪᠢᠨ ᠬᠠᠭᠤᠴᠢᠨ ᠦᠯᠡᠳᠡᠭᠳᠡᠯ ᠨᠢ ᠭᠠᠳᠠᠨ᠎ᠠ ᠲᠣᠳᠣᠨ᠎ᠠ ᠶᠢᠨ ᠵᠢᠭᠤᠯᠴᠢᠯᠠᠭᠰᠠᠳ ᠤᠨ ᠪᠠᠬ᠎ᠠ ᠰᠣᠨᠢᠷᠬᠠᠯ ᠢ ᠶᠡᠬᠡᠳᠡ ᠲᠠᠳᠠᠵᠦ ᠪᠣᠢ᠃    ᠡᠪᠦᠳᠦᠭ ᠬᠢᠯᠢ ᠶᠢᠨ ᠪᠣᠭᠤᠮᠳᠠ᠂ ᠬᠦᠯᠦᠨ ᠪᠣᠶᠢᠷ ᠬᠤᠳᠠ ᠶᠢᠨ ᠬᠠᠶᠢᠯᠠᠷ ᠲᠣᠭᠤᠷᠢᠭ ᠠᠴᠠ 190 ᠺᠢᠯᠣᠮᠧᠲᠷ ᠂ ᠬᠢᠯᠢ ᠶᠢᠨ ᠬᠤᠳᠠ ᠮᠠᠨᠵᠣᠣᠷ ᠠᠴᠠ 192 ᠺᠢᠯᠣᠮᠧᠲᠷ᠂ ᠬᠢᠩᠭᠠᠨ ᠠᠶᠢᠮᠠᠭ ᠤᠨ ᠷᠠᠰᠢᠶᠠᠨ ᠬᠤᠲᠠ ᠠᠴᠠ 220 ᠺᠢᠯᠣᠮᠧᠲᠷ᠂ ᠣᠮᠠᠷᠠᠳᠦ ᠦᠷᠭᠡᠷᠢᠭ ᠤᠨ 48。02、᠂ ᠵᠡᠭᠦᠨ ᠣᠷᠳᠣᠷᠢᠭ ᠤᠨ 118。10、᠎ ᠲᠤ ᠣᠷᠣᠰᠢᠵᠦ ᠪᠣᠢ᠃     ᠲᠠᠪᠤ᠂ ᠬᠤᠯᠪᠣᠭ᠎ᠠ ᠠᠭᠤᠯᠠ ᠶᠢᠨ ᠵᠢᠭᠤᠯᠴᠢᠯᠠᠯ ᠤᠨ ᠦᠵᠡᠮᠵᠢᠲᠦ ᠣᠷᠣᠨ ᠬᠦᠯᠦᠨ ᠨᠠᠭᠤᠷ ︵ᠲᠠᠯᠠᠶᠢᠨᠠᠭᠤᠷ︶᠎ ᠤᠨ ᠵᠡᠭᠦᠨ ᠬᠦᠪᠡᠭᠡᠨ ᠳᠤ ᠡᠬᠡ ᠶᠢᠨ ᠬᠤᠶᠠᠷ ᠬᠦᠬᠦ‍ ᠰᠢᠭ ᠬᠤᠯᠪᠣᠭ᠎ᠠ 2 ᠠᠭᠤᠯᠠ ᠶᠢ ᠨᠣᠲᠤᠭ ᠤᠨ ᠬᠢᠨ ︽ᠬᠤᠯᠪᠣᠭ᠎ᠠ ᠠᠭᠤᠯᠠ︾ ᠪᠣᠶᠣ ︽ᠰᠢᠬᠢᠷ᠎ᠡ ᠬᠤᠯᠪᠣᠭ᠎ᠠ︾ ᠬᠡᠵᠦ ᠲᠠᠭᠤᠳᠠᠳᠠᠭ᠃    ᠲᠣᠰ ᠵᠢᠭᠤᠯᠴᠢᠯᠠᠯ ᠤᠨ ᠦᠵᠡᠮᠵᠢᠲᠦ ᠣᠷᠣᠨ ᠨᠢ ᠭᠤᠣᠯᠳᠠᠭᠤ ᠬᠦᠯᠦᠨ ᠨᠠᠭᠤᠷ ᠤᠨ ᠣᠰᠣ᠂ ᠠᠯᠲᠠᠨ ᠰᠢᠷᠭᠠᠯ ᠡᠯᠡᠰᠦᠨ ᠬᠦᠪᠡᠭᠡ ᠬᠢᠭᠡᠳ ᠪᠠᠷᠭᠤ ᠨᠣᠲᠤᠭ ᠤᠨ ᠣᠣᠭᠠᠯ ᠲᠦᠷᠬᠦ ᠪᠦᠷᠢᠳᠦᠭᠰᠡᠨ ᠵᠢᠭᠤᠯᠴᠢᠯᠠᠯ ᠤᠨ ᠤᠷᠣᠨ ᠪᠣᠯᠣᠨ᠎ᠠ᠃    ᠠᠳᠡ ᠬᠦᠯᠦᠨ ᠨᠠᠭᠤᠷ ᠤᠨ ᠣᠰᠣ ᠨᠢ ᠣᠶᠢᠯᠠᠨ ᠴᠣᠶᠢᠯᠠᠨ ᠲᠠᠪᠠᠯᠭᠠᠯᠠᠵᠦ᠂ ᠠᠯᠲᠠᠨ ᠰᠢᠷᠭᠠᠯ ᠵᠢᠭᠠᠰᠦ ᠵᠢᠷᠠᠭᠠᠬᠠᠢ ᠨᠢ ᠵᠢᠷᠪᠡᠯᠵᠡᠨ ᠢᠷᠡᠯᠵᠠᠨ ᠱᠣᠮᠪᠠᠵᠦ᠂ ᠣᠯᠠᠨ ᠵᠦᠢᠯ ᠤᠨ ᠰᠢᠪᠠᠭᠤᠳ ᠨᠢ ᠬᠠᠯᠢᠨ ᠲᠡᠬᠦᠯᠢᠨ ᠰᠣᠮᠣᠳᠠᠵᠦ ᠂ ᠬᠤᠯᠠ ᠶᠢᠨ ᠲᠡᠷᠲᠡᠭᠡ ᠬᠦᠪᠡᠬᠡᠨ᠎ᠡ ᠠᠭᠤᠯᠠᠰ ᠬᠦᠭᠡᠷᠡᠨ ᠰᠦᠨᠳᠡᠷᠯᠡᠵᠦ᠂ ᠬᠦᠳᠡᠭᠡ ᠨᠣᠲᠤᠭ ᠤᠨ ᠦᠵᠡᠮᠵᠢ ᠨᠢᠳᠦᠨ ᠎ ᠤ ᠬᠠᠷᠠᠭᠠᠨ᠎ᠠ ᠲᠣᠳᠣᠷᠠᠨ᠂ ᠬᠦᠷᠦᠯᠴᠡᠨ ᠢᠷᠡᠭᠰᠡᠨ ᠬᠦᠮᠦᠰ ᠤᠨ ᠬᠦᠰᠡᠯ ᠰᠣᠨᠢᠷᠬᠠᠯ ᠢ ᠬᠦᠴᠦᠲᠡᠢ ᠲᠠᠲᠠᠲᠠᠭ ᠪᠠᠶᠢᠨ᠎ᠠ᠃    ᠬᠦᠯᠦᠨ ᠨᠠᠭᠤᠷ ᠪᠣᠯ ᠮᠠᠨ ᠤ ᠣᠯᠣᠰ ᠤᠨ 4 ᠶᠡᠭᠡ ᠴᠡᠩᠬᠡᠭ ᠨᠠᠭᠤᠷ ᠤᠨ ᠨᠢᠭᠡ ᠪᠦᠭᠡᠳ ᠦᠪᠦᠷ ᠮᠣᠩᠭᠤᠯ ᠎ ᠤᠨ ᠬᠠᠮᠤᠭ ᠤᠨ ᠲᠤᠮᠤ ᠨᠠᠭᠤᠷ ᠪᠠᠶᠢᠵᠦ᠂ ᠣᠯᠣᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠳᠤ ᠲᠣᠭᠠᠴᠠᠭᠳᠠᠵᠦ᠂ 35 ᠲᠦᠷᠦᠯ ᠤᠨ ᠬᠡᠬᠡᠷ᠎ᠡ ᠶᠢᠨ ᠠᠷᠢᠶᠠᠲᠠᠨ᠂ 284 ᠲᠦᠷᠦᠯ ᠤᠨ ᠵᠢᠭᠦᠷᠲᠠᠨ ᠰᠢᠪᠠᠭᠤ᠂ 26 ᠲᠦᠷᠦᠯ ᠤᠨ ᠵᠢᠭᠠᠰᠦ ᠵᠢᠷᠠᠭᠠᠬᠠᠢ ᠠᠮᠢᠳᠦᠷᠠᠵᠦ ᠪᠠᠶᠢᠳᠠᠭ᠃    ᠲᠣᠰ ᠭᠠᠵᠠᠷ ᠨᠢ ᠰᠢᠨ᠎ᠡ ᠪᠠᠷᠭᠤ ᠵᠡᠭᠦᠨ ᠬᠤᠰᠢᠭᠤᠨ ᠤ ᠵᠢᠭᠤᠯᠴᠢᠯᠠᠯ ᠤᠨ ᠦᠵᠡᠮᠵᠢᠲᠦ ᠣᠷᠣᠨ ᠤ ᠨᠢᠭᠡ ᠨᠢ ᠪᠠᠶᠢᠵᠦ᠂ ᠬᠤᠰᠢᠭᠤᠨ ᠲᠦᠪ ᠠᠮᠣᠭᠤᠯᠠᠩ ᠠᠴᠠ ᠬᠤᠶᠢᠰᠢ 102 ᠺᠢᠯᠣᠮᠧᠲᠷ᠂ ᠬᠠᠶᠢᠯᠠᠷ ᠲᠣᠭᠤᠷᠢᠭ ᠠᠴᠠ ᠪᠠᠷᠠᠭᠤᠨᠰᠢ 180 ᠺᠢᠯᠣᠮᠧᠲᠷ᠂ ᠬᠢᠯᠢ ᠶᠢᠨ ᠬᠤᠲᠠ ᠮᠠᠨᠵᠣᠣᠷ ᠠᠴᠠ ᠵᠡᠭᠦᠨ ᠡᠮᠦᠨᠡᠰᠢ 60 ᠺᠢᠯᠣᠮᠧᠲᠷ᠂ ︽301 ︾ ᠨᠡᠷᠡᠮᠵᠢᠲᠦ ᠣᠯᠣᠰ ᠤᠨ ᠲᠡᠰ ᠤᠨ ᠵᠠᠰᠠᠮᠠᠯ ᠵᠠᠮ ᠠᠴᠠ ᠠᠰ ᠡᠮᠦᠨᠡᠰᠢ 25 ᠺᠢᠯᠣᠮᠧᠲᠷ ᠵᠠᠶᠢᠲᠠᠢ᠂ ᠣᠮᠠᠷᠠᠲᠦ ᠦᠷᠭᠡᠷᠢᠭ ᠤᠨ 48。08、ᠪᠠ ᠵᠡᠬᠦᠨ ᠣᠷᠳᠣᠷᠢᠭ ᠤᠨ 117。48、᠎ ᠲᠤ ᠣᠷᠣᠰᠢᠵᠦ ᠪᠣᠢ᠃    ᠵᠢᠷᠭᠤᠭ᠎ᠠ᠂ ᠷᠠᠰᠢᠶᠠᠨ ᠰᠦᠮ᠎ᠡ ᠶᠢᠨ ᠦᠵᠡᠮᠵᠢᠲᠦ ᠣᠷᠣᠨ    ᠷᠠᠰᠢᠶᠠᠨ ᠰᠦᠮ᠎ᠡ᠂ ᠬᠤᠰᠢᠭᠤᠨ ᠲᠦᠪ ᠠᠮᠣᠭᠤᠯᠠᠩ ᠠᠴᠠ ᠪᠠᠷᠠᠭᠤᠨ ᠬᠤᠶᠢᠰᠢ 3 ᠭᠠᠵᠠᠷ ᠲᠠᠬᠢ ᠦᠯᠵᠡᠶᠢᠲᠦ ᠪᠣᠯᠠᠭ ᠤᠨ ᠠᠷᠣ ᠶᠢᠨ ᠲᠡᠨᠵᠢᠨ ᠲᠡᠭᠡᠷ᠎ᠡ ᠪᠠᠶᠢᠷᠢᠯᠠᠵᠦ ᠪᠣᠢ᠃    ᠷᠠᠰᠢᠶᠠᠨ ᠰᠦᠮ᠎ᠡ ᠶᠢ 1926 ᠣᠨ ᠳᠤ᠂ ᠰᠢᠨ᠎ᠡ ᠪᠠᠷᠭᠤ ᠵᠡᠭᠦᠨ ᠭᠠᠷ ᠤᠨ ᠬᠤᠰᠢᠭᠤᠨ ᠤ ᠪᠦᠬᠦᠳᠡ ᠶᠢᠨ ᠲᠠᠷᠤᠭ᠎ᠠ ᠡᠷᠬᠢᠮᠪᠠᠲᠦ᠂ ᠪᠡᠭᠡᠵᠢᠩ ᠬᠤᠲᠠ ᠠᠴᠠ ᠭᠠᠵᠠᠷ ᠰᠢᠨᠵᠢᠭᠡᠴᠢ ᠶᠢ ᠵᠠᠯᠠᠵᠦ ᠠᠪᠴᠢᠷᠠᠭᠠᠳ ᠦᠯᠵᠡᠶᠢᠲᠦ ᠷᠠᠰᠢᠶᠠᠨ ᠤ ᠣᠷᠴᠢᠮ ᠤᠨ ᠭᠠᠵᠠᠷ ᠢ ᠰᠢᠨᠵᠢᠭᠦᠯᠦᠭᠰᠡᠨ ᠳᠤ᠄ ︽ᠡᠨᠡ ᠪᠣᠯ ᠶᠠᠭ ᠯᠣᠣ ᠬᠡᠪᠳᠡᠵᠦ ᠪᠠᠶᠢᠭ᠎ᠠ ᠰᠢᠨᠵᠢ ᠎ ᠶᠢᠨ ᠭᠠᠵᠠᠷ ᠪᠠᠶᠢᠨ᠎ᠠ︾ ᠭᠡᠰᠡᠨ ᠭᠡᠨ᠎ᠡ᠃ ᠲᠡᠭᠡᠭᠡᠳ ᠬᠡᠪᠳᠡᠭᠡ ᠯᠣᠣ ᠶᠢᠨ ᠴᠡᠭᠡᠵᠢ ᠬᠡᠪᠡᠯᠢ ᠲᠡᠭᠡᠷ᠎ᠡ ᠨᠢ ᠰᠦᠮ᠎ᠡ ᠬᠡᠶᠢᠳ ᠢᠶᠠᠨ ᠴᠤᠭᠴᠠᠯᠠᠨ ᠪᠠᠶᠢᠭᠤᠯᠣᠭᠰᠠᠨ ᠪᠠᠶᠢᠵᠠᠢ᠃    ᠲᠣᠰ ᠰᠦᠮ᠎ᠡ ᠶᠢᠨ ᠵᠢᠩᠬᠢᠨᠢ ᠨᠡᠷ᠎ᠡ ᠨᠢ ︽ᠨᠠᠰᠣᠨ ᠠᠷᠪᠢᠳᠬᠠᠭᠴᠢ ᠰᠦᠮ᠎ᠡ︾ ᠭᠡᠳᠡᠭ ᠪᠠᠶᠢᠭᠰᠠᠨ ᠪᠣᠯᠪᠠᠴᠦ ᠦᠯᠵᠡᠶᠢᠲᠦ ᠷᠠᠰᠢᠶᠠᠨ ᠤ ᠲᠡᠨᠵᠢᠨ ᠲᠡᠭᠡᠷ᠎ᠡ ᠪᠠᠶᠢᠭᠤᠯᠣᠭᠰᠠᠨ ᠲᠤᠯᠠ ︽ᠷᠠᠰᠢᠶᠠᠨ ᠰᠦᠮ᠎ᠡ︾ ᠭᠡᠵᠦ ᠠᠯᠲᠠᠷᠰᠢᠵᠠᠢ᠃ ᠡᠨᠡ ᠨᠢ ᠪᠣᠷᠬᠠᠨ ᠱᠠᠰᠢᠨ᠂ ᠠᠨᠠᠭᠠᠬᠤ ᠣᠬᠠᠭᠠᠨ ᠢ ᠬᠤᠣᠰᠯᠠᠭᠤᠯᠣᠭᠰᠠᠨ ᠰᠦᠮ᠎ᠡ ᠪᠠᠶᠢᠵᠦ᠂ ᠮᠣᠩᠭᠤᠯ ᠡᠮᠨᠡᠯᠭᠡ ᠎ ᠶᠢᠨ ᠰᠣᠷᠭᠠᠭᠤᠯᠢ ᠶᠢ ᠡᠷᠬᠢᠯᠡᠵᠦ ᠪᠠᠶᠢᠭᠰᠠᠨ ᠲᠡᠣᠬᠡ ᠲᠠᠢ᠃    ᠣᠳᠣ ᠰᠢᠨ᠎ᠡ ᠪᠠᠷᠭᠤ ᠵᠡᠭᠦᠨ ᠬᠤᠰᠢᠭᠤᠨ ᠤ ᠪᠣᠷᠬᠠᠨ ᠱᠠᠰᠢᠨ ᠤ ᠠᠵᠢᠯᠯᠠᠭᠠᠨ ᠤ ᠭᠤᠣᠯ ᠭᠠᠵᠠᠷ ᠪᠦᠭᠡᠳ ᠠᠶᠠᠯᠠᠯ ᠵᠢᠭᠤᠯᠴᠢᠯᠠᠯ᠂ ᠪᠠᠶ᠎ᠠ ᠰᠣᠪᠢᠯᠠᠯᠲᠠ ᠶᠢᠨ ᠠᠷᠢᠭᠤᠨ ᠲᠠᠭᠰᠢᠨ ᠦᠵᠡᠮᠵᠢᠲᠦ ᠣᠷᠣᠨ ᠪᠣᠯᠣᠭᠰᠠᠨ ᠪᠠᠶᠢᠨ᠎ᠠ᠃     ᠷᠠᠰᠢᠶᠠᠨ ᠰᠦᠮ᠎ᠡ᠂ ᠣᠮᠠᠷᠠᠲᠦ ᠦᠷᠭᠡᠷᠢᠭ ᠤᠨ 47。48、ᠪᠠ ᠵᠡᠭᠦᠨ ᠣᠷᠳᠣᠷᠢᠭ ᠤᠨ 118。14、᠎ ᠲᠤ ᠣᠷᠣᠰᠢᠵᠦ ᠪᠤᠢ᠃    ᠳᠤᠯᠤᠭ᠎ᠠ᠂ ᠲᠣᠰᠣᠨ ᠪᠣᠯᠠᠭ ᠤᠨ ᠰᠣᠪᠢᠯᠠᠯᠲᠠ ᠵᠢᠭᠤᠯᠴᠢᠯᠠᠯ ᠤᠨ ᠭᠠᠵᠠᠷ    ᠣᠷᠱᠣᠨ ᠭᠤᠣᠯ ᠤᠨ ᠪᠠᠷᠠᠭᠤᠨ ᠲᠠᠯ᠎ᠠ ᠳᠤ᠂ ᠣᠮᠠᠷᠠᠲᠦ ᠦᠷᠭᠡᠷᠢᠭ ᠤᠨ 48。54、ᠪᠠ ᠵᠡᠭᠦᠨ ᠣᠷᠳᠣᠷᠢᠭ ᠎ ᠤᠨ 117。41、᠎ ᠲᠤ ᠣᠷᠣᠰᠢᠵᠦ᠂ ᠲᠤᠰ ᠨᠣᠲᠤᠭ ᠤᠨ ᠮᠠᠯᠴᠢᠳ ︽ᠲᠣᠰᠣᠨ ᠷᠠᠰᠢᠶᠠᠨ︾ ᠭᠡᠳᠡᠭ᠃    ᠪᠠᠷᠭᠤᠴᠣᠳ ᠠᠯᠢ ᠡᠷᠲᠡ ᠠᠴᠠ ᠡᠨᠡ ᠪᠣᠯᠠᠭ ᠤᠨ ᠲᠣᠰᠣᠯᠢᠭ ᠰᠢᠪᠠᠷ ᠢ ᠠᠰᠢᠭᠯᠠᠨ ᠠᠷᠬᠠᠭ ᠬᠡᠮ᠂ ᠬᠠᠭᠤᠴᠢᠨ ᠡᠪᠡᠳᠴᠢᠨ ᠢᠶᠠᠨ ᠵᠠᠰᠠᠵᠦ ᠢᠷᠡᠭᠰᠡᠨ ᠲᠡᠣᠭᠡ ᠲᠠᠢ ᠪᠠᠶᠢᠵᠠᠢ᠃ ᠡᠨᠡ ᠪᠣᠯᠠᠭ ᠤᠨ ᠲᠣᠰᠣᠯᠢᠭ ᠰᠢᠪᠠᠷ ᠲᠤᠨᠢ ᠣᠯᠠᠨ ᠵᠦᠢᠯ ᠤᠨ ᠠᠭᠤᠷᠬᠠᠢ ᠶᠢᠨ ᠪᠣᠳᠠᠰ ᠪᠠ ᠬᠢᠮᠢ ᠶᠢᠨ ᠡᠯᠧᠮᠧᠨ᠋ᠲ ᠠᠭᠤᠯᠤᠭᠳᠠᠵᠦ ᠪᠠᠶᠢᠳᠠᠭ ᠲᠣᠯᠠ ᠬᠡᠷᠦᠭᠦ ᠡᠪᠡᠳᠴᠢᠨ ᠂ ᠠᠷᠠᠰᠣᠨ ᠤ ᠡᠪᠡᠳᠴᠢᠨ᠂ ᠶᠠᠰᠣᠨ ᠰᠦᠷᠢᠶ᠎ᠡ ᠡᠪᠡᠳᠴᠢᠨ᠂ ᠬᠡᠢ ᠰᠢᠷ᠎ᠠ ᠣᠰᠣ ᠬᠤᠶᠠᠩ ᠡᠪᠡᠳᠴᠢᠨ᠂ ᠬᠦᠵᠦᠬᠦᠦ ᠰᠡᠭᠡᠷ᠂ ᠬᠦᠯ ᠨᠢᠷᠣᠭᠤ᠂ ᠦᠶ᠎ᠡ ᠭᠡᠰᠢᠭᠦᠦ ᠶᠢᠨ ᠡᠪᠡᠳᠴᠢᠨ ᠵᠢᠴᠢ ᠵᠢᠷᠦᠭᠡᠨ ᠡᠪᠡᠳᠴᠢᠨ᠂ ᠴᠢᠰᠣᠨ ᠰᠣᠳᠠᠯ ᠤᠨ ᠬᠠᠳᠠᠭᠤᠷᠠᠯ ᠵᠡᠷᠭᠡ ᠣᠯᠠᠨ ᠲᠦᠷᠦᠯ ᠤᠨ ᠡᠪᠡᠳᠴᠢᠨ ᠢ ᠵᠠᠰᠠᠵᠦ ᠢᠯᠡᠳᠲᠡ ᠰᠠᠶᠢᠨ ᠪᠣᠯᠭᠠᠵᠦ ᠪᠠᠶᠢᠨ᠎ᠠ᠃    ᠣᠳᠣ ᠮᠣᠩᠭᠤᠯ ᠡᠮᠨᠡᠯᠭᠡ ᠶᠢᠨ ᠬᠢᠨ ᠲᠣᠰᠣᠨ ᠪᠣᠯᠠᠭ ᠢ ᠨᠡᠭᠡᠭᠡᠨ ᠠᠰᠢᠭᠯᠠᠵᠦ ᠬᠦᠪᠡᠭᠡᠨ ᠳᠤᠨᠢ ᠠᠮᠠᠷᠠᠯᠲᠠ ᠰᠣᠪᠢᠯᠠᠯᠲᠠ ᠶᠢᠨ ᠭᠠᠵᠠᠷ ᠪᠠᠶᠢᠭᠤᠯᠵᠦ᠂ ᠲᠣᠰᠣᠨ ᠰᠢᠪᠠᠷ ᠪᠣᠯᠣᠨ ᠮᠣᠩᠭᠤᠯ ᠡᠮᠴᠢᠯᠡᠭᠡ ᠶᠢ ᠣᠶᠠᠯᠳᠤᠭᠤᠯᠣᠨ ᠬᠤᠯᠠ ᠣᠶᠢᠷ᠎ᠠ ᠶᠢᠨ ᠡᠪᠡᠳᠴᠢᠲᠡᠳ ᠢ ᠡᠮᠴᠢᠯᠡᠨ ᠵᠠᠰᠠᠬᠤ ᠶᠢᠨ ᠲᠠᠭᠠᠣ ᠠᠶᠠᠯᠠᠯ ᠵᠢᠭᠤᠯᠴᠢᠯᠠᠯ ᠲᠠᠢ ᠵᠣᠬᠢᠴᠠᠭᠤᠯᠣᠨ ︽ᠠᠮᠠᠷᠠᠯᠲᠠ ᠰᠣᠪᠢᠯᠠᠯᠲᠠ ᠶᠢᠨ ᠵᠣᠰᠠᠯᠠᠩ︾ ᠪᠣᠯᠭᠠᠨ ᠠᠰᠢᠭᠯᠠᠵᠦ ᠪᠣᠢ᠃    ᠲᠣᠰ ᠲᠣᠰᠣᠨ ᠪᠣᠯᠠᠭ ᠤᠨ ︽ᠠᠮᠠᠷᠠᠯᠲᠠ ᠰᠣᠪᠢᠯᠠᠯᠲᠠ ᠶᠢᠨ ᠵᠣᠰᠠᠯᠠᠩ︾᠎ ᠨᠢ ᠵᠢᠪᠬᠤᠯᠠᠩᠲᠦ ᠰᠣᠮᠣᠨ ᠤ ᠲᠦᠪ ᠭᠠᠨᠵᠣᠣᠷᠬᠤᠸᠠ ᠠᠴᠠ ᠪᠠᠷᠠᠭᠤᠨᠰᠢ 5 ᠺᠢᠯᠣᠮᠧᠲᠷ᠂ ᠰᠦᠮ᠎ᠡ ᠶᠢᠨ ᠨᠠᠭᠤᠷ ᠤᠨ ᠳ᠋ᠠᠴᠢᠩ — ᠵᠠᠯᠠᠶᠢᠨᠠᠭᠤᠷ ᠎ ᠤᠨ ᠵᠠᠰᠠᠮᠠᠯ ᠵᠠᠮ ᠠᠴᠠ 8 ᠺᠢᠯᠣᠮᠧᠲᠷ ᠵᠠᠶᠢᠲᠠᠢ ᠪᠠᠶᠢᠳᠠᠭ᠃    ᠨᠠᠢᠮᠠ᠂ ᠪᠠᠷᠭᠤ ᠠᠶᠢᠮᠠᠭ ᠤᠨ ᠠᠶᠠᠯᠠᠯ ᠵᠢᠭᠤᠯᠴᠢᠯᠠᠯ ᠤᠨ ᠭᠠᠵᠠᠷ    ᠴᠠᠭᠠᠨ ᠪᠠᠯᠭᠠᠰᠦ ᠶᠢᠨ ᠨᠣᠲᠤᠭ ᠲᠠᠬᠢ ᠪᠦᠮᠪᠡ ︵ᠪᠦᠮᠪᠧ︶ ᠨᠠᠭᠤᠷ ᠤᠨ ᠠᠷᠣ ᠶᠢᠨ ᠲᠡᠨᠵᠢᠨ ᠳᠤ᠂ ᠣᠮᠠᠷᠠᠲᠦ ᠦᠷᠭᠡᠷᠢᠭ ᠤᠨ 49。30、ᠪᠠ ᠵᠡᠭᠦᠨ ᠣᠷᠳᠣᠷᠢᠭ ᠤᠨ 118。03、ᠣᠷᠴᠢᠮ ᠳᠤ ᠣᠷᠣᠰᠢᠵᠦ᠂ ᠮᠠᠨᠵᠣᠣᠷ — ᠰᠦᠢ ᠹᠧᠨ ᠡᠾᠧ ᠬᠦᠷᠭᠦ ︽301︾ ᠨᠠᠷᠠᠮᠵᠢᠲᠦ ᠣᠯᠣᠰ ᠤᠨ ᠲᠡᠰ ᠤᠨ ᠵᠠᠰᠠᠮᠠᠯ ᠵᠠᠮ ᠤᠨ ᠬᠤᠶᠢᠨ᠎ᠠ ᠲᠠᠯ᠎ᠠ ᠎ ᠳᠤ ᠪᠠᠶᠢᠷᠢᠯᠠᠵᠦ ᠪᠣᠢ᠃    ᠲᠣᠰ ᠠᠶᠠᠯᠠᠯ ᠵᠢᠭᠤᠯᠴᠢᠯᠠᠯ ᠤᠨ ᠭᠠᠵᠠᠷ ᠣᠷᠢᠳ ᠬᠤᠵᠢᠳ 200 ᠭᠠᠷᠣᠢ ᠲᠦᠮᠡᠨ ᠲᠦᠬᠦᠷᠢᠭ ᠵᠠᠷᠣᠴᠠᠭᠤᠯᠵᠦ᠂ ᠪᠠᠷᠭᠤ ᠶᠠᠰᠣᠳᠠᠨ ᠤ ᠦᠪ ᠰᠣᠶᠣᠯ᠂ ᠵᠠᠩ ᠦᠢᠯᠡ ᠶᠢ ᠲᠣᠪᠣᠶᠢᠯᠭᠠᠵᠦ᠂ ᠲᠠᠯ᠎ᠠ ᠨᠣᠲᠤᠭ ᠤᠨ ᠪᠠᠶᠢᠭᠠᠯᠢᠯᠢᠭ ᠦᠩᠭᠡ ᠦᠵᠡᠮᠵᠢ ᠲᠠᠢ ᠣᠶᠠᠯᠳᠤᠭᠤᠯᠣᠨ᠂ ᠮᠣᠩᠭᠤᠯ ᠭᠡᠷ ᠢᠶᠠᠷ ᠪᠦᠷᠢᠯᠳᠦᠭᠰᠡᠨ ᠢᠳᠡᠵᠦ ᠣᠣᠭᠤᠬᠤ᠂ ᠬᠤᠨᠣᠵᠦ ᠬᠡᠪᠳᠡᠭᠦ᠂ ᠶᠠᠪᠣᠵᠦ ᠰᠠᠭᠤᠬᠤ᠂ ᠦᠵᠡᠵᠦ ᠰᠣᠨᠢᠷᠬᠠᠬᠤ᠂ ᠨᠠᠭᠠᠳᠴᠦ ᠵᠣᠭᠠᠴᠠᠬᠤ᠂ ᠠᠶᠠᠯᠠᠯ ᠵᠢᠭᠤᠯᠴᠢᠯᠠᠯ ᠂ ᠠᠮᠠᠷᠠᠯᠲᠠ ᠴᠡᠩᠭᠡᠯ ᠤᠨ ᠲᠣᠰᠬᠠᠢ ᠭᠠᠵᠠᠷ ᠪᠣᠯᠣᠨ᠎ᠠ᠃    2009 ᠣᠨ ᠳᠤ ᠲᠣᠰ ᠵᠢᠭᠤᠯᠴᠢᠯᠠᠯ ᠤᠨ ᠭᠠᠵᠠᠷ ᠢ ᠬᠦᠯᠦᠨ ᠪᠣᠶᠢᠷ ᠬᠤᠲᠠ ᠶᠢᠨ ᠵᠢᠭᠤᠯᠴᠢᠯᠠᠯ ᠤᠨ ᠲᠣᠪᠴᠢᠶᠠᠨ ᠠᠴᠠ ︽ᠭᠡᠷ ᠪᠦᠯᠢ ᠶᠢᠨ ᠠᠶᠠᠯᠠᠯ ᠵᠢᠭᠤᠯᠴᠢᠯᠠᠯ ᠤᠨ ᠰᠢᠯᠢᠳᠡᠭ ᠡᠷᠦᠭᠡ︾ ᠭᠡᠵᠦ ᠦᠨᠡᠯᠡᠭᠰᠡᠨ ᠪᠦᠭᠡᠳ ᠣᠯᠣᠰ ᠤᠨ ︽AA︾ ᠲᠡᠰ ᠤᠨ ᠵᠢᠭᠤᠯᠴᠢᠯᠠᠯ ᠤᠨ ᠦᠵᠡᠮᠵᠢᠲᠦ ᠣᠷᠣᠨ ᠢᠶᠠᠷ ᠨᠡᠷᠡᠶᠢᠳᠦᠭᠳᠡᠵᠦ᠂ ᠣᠳᠣᠬᠠᠨ᠎ᠠ ᠰᠢᠨ᠎ᠡ ᠪᠠᠷᠭᠤ ᠵᠡᠭᠦᠨ ᠬᠤᠰᠢᠭᠤᠨ ᠤ ᠬᠤᠶᠢᠲᠦ ᠲᠣᠭᠤᠷᠢᠭ ᠲᠠᠬᠢ ᠭᠤᠣᠯᠳᠠᠯᠭ᠎ᠠ ᠲᠠᠢ ᠠᠶᠠᠯᠠᠯ ᠵᠢᠭᠤᠯᠴᠢᠯᠠᠯ ᠤᠨ ᠭᠠᠵᠠᠷ ᠪᠣᠯᠣᠭᠰᠠᠨ ᠪᠠᠶᠢᠨ᠎ᠠ᠃     ᠶᠢᠰᠦ᠂ ᠶᠡᠭᠡ ᠠᠭᠤᠯᠠ ᠶᠢᠨ ᠵᠢᠭᠤᠯᠴᠢᠯᠠᠯ ᠤᠨ ᠦᠵᠡᠮᠵᠢᠲᠦ ᠣᠷᠣᠨ     ᠶᠡᠭᠡ ᠠᠭᠤᠯᠠ ᠨᠢ ᠬᠠᠶᠢᠯᠠᠷ ᠭᠤᠣᠯ ᠤᠨ ᠠᠷᠣ ᠬᠦᠪᠡᠭᠡᠨ ᠳᠤ ᠣᠮᠠᠷᠠᠲᠦ ᠦᠷᠭᠡᠷᠢᠭ ᠤᠨ 49。28、ᠪᠠ ᠵᠡᠭᠦᠨ ᠣᠷᠳᠣᠷᠢᠭ ᠤᠨ 118。24、᠎ ᠲᠤ ᠪᠠᠶᠢᠷᠢᠯᠠᠵᠦ ᠪᠣᠢ᠃    ᠨᠣᠲᠤᠭ ᠤᠨ ᠮᠣᠩᠭᠤᠯᠴᠣᠳ ᠶᠡᠭᠡ ᠠᠭᠤᠯᠠ ᠶᠢ ᠲᠡᠬᠦᠨ ᠤ ᠪᠠᠶᠢᠴᠠ ᠲᠦᠷᠬᠦ ᠪᠠᠷ ᠨᠢ ︽᠎ ᠲᠠᠭᠠᠨ ᠲᠠᠯ ᠠᠭᠤᠯᠠ︾ ᠭᠡᠮᠡᠨ ᠨᠡᠷᠡᠯᠡᠵᠦ᠂ ᠬᠦᠨᠳᠦᠳᠭᠡᠯ ᠪᠢᠰᠢᠷᠡᠯ ᠤᠨ ᠡᠭᠦᠳᠡᠨ ᠠᠴᠠ ︽ᠬᠠᠶᠢᠷᠬᠠᠨ ᠠᠭᠤᠯᠠ︾ ᠪᠣᠶᠣ ︽ᠶᠡᠭᠡ ᠠᠭᠤᠯᠠ︾ ᠭᠡᠵᠦ ᠲᠠᠭᠤᠳᠠᠳᠠᠭ᠃    ᠣᠳᠣ ᠶᠡᠭᠡ ᠠᠭᠤᠯᠠ ᠨᠢ ᠣᠶᠢᠷ᠎ᠠ ᠣᠷᠴᠢᠮ ᠤᠨ ᠪᠠᠶᠢᠭᠠᠯᠢᠯᠢᠭ ᠦᠪᠡᠷᠮᠢᠴᠡ ᠣᠨᠴᠠᠯᠢᠭ ᠢᠶᠠᠷ ᠢᠶᠠᠨ ᠣᠯᠠᠨ ᠤ ᠰᠣᠨᠢᠷᠬᠠᠯ ᠢ ᠲᠠᠳᠠᠵᠦ᠂ ᠠᠶᠠᠯᠠᠯ ᠵᠢᠭᠤᠯᠴᠢᠯᠠᠯ ᠤᠨ ᠣᠷᠣᠨ ᠪᠣᠯᠣᠨ ᠬᠦᠭᠵᠢᠵᠦ ᠪᠠᠶᠢᠨ᠎ᠠ᠃ ᠶᠡᠭᠡ ᠠᠭᠤᠯᠠ ᠶᠢᠨ ᠡᠷᠬᠢᠨ ᠲᠣᠭᠤᠷᠢᠨ ᠤ ᠬᠠᠳᠠ ᠴᠢᠯᠠᠭᠤᠳ ᠡᠯᠳᠡᠪ ᠶᠠᠩᠵᠦ ᠬᠡᠯᠪᠡᠷᠢ ᠪᠠᠷ ᠪᠠᠶᠢᠷᠢᠰᠢᠨ ᠲᠣᠭᠳᠠᠵᠦ ᠰᠡᠬᠦᠶᠢᠨ ᠰᠦᠨᠳᠡᠷᠯᠡᠵᠦ᠂ ᠡᠮᠦᠨ᠎ᠡ ᠬᠤᠷᠮᠣᠢ ᠪᠠᠷ ᠨᠢ ᠦᠷᠭᠡᠨ ᠬᠠᠶᠢᠯᠠᠷ ᠬᠠᠯᠬᠢᠯᠠᠨ ᠣᠷᠣᠰᠴᠦ᠂ ᠦᠩ ᠰᠢᠮᠡᠯᠢᠭ ᠡᠪᠡᠰᠦ ᠪᠡᠯᠴᠢᠭᠡᠷ ᠬᠠᠯᠢᠭᠤᠷᠠᠨ ᠦᠨᠡᠭᠡᠷ ᠦᠵᠡᠮᠵᠢ ᠶᠢᠨ ᠰᠠᠶᠢᠬᠠᠨ ᠭᠠᠵᠠᠷ ᠡ᠃ ᠡᠨᠡ ᠭᠦ ᠨᠣᠲᠤᠭ ᠲᠤ ᠡᠷᠲᠡᠨ ᠤ ᠨᠡᠭᠦᠳᠡᠯᠴᠢᠨ ᠠᠶᠢᠮᠠᠭ ᠤᠳ ᠠᠮᠢᠳᠣᠷᠠᠵᠦ ᠪᠠᠶᠢᠭᠰᠠᠨ ᠢᠶᠠᠷ ᠶᠡᠭᠡ ᠠᠭᠤᠯᠠ ᠶᠢᠨ ᠬᠠᠵᠠᠭᠤ ᠡᠩᠭᠡᠷ ᠢᠶᠠᠷ ᠣᠯᠠᠨ ᠠᠷᠪᠢᠨ ᠡᠷᠲᠡᠨ ᠤ ᠴᠢᠯᠠᠭᠤᠨ ᠪᠣᠯᠠᠰᠢ ᠪᠠᠶᠢᠳᠠᠭ ᠨᠢ ᠨᠡᠩ ᠴᠦ ᠰᠣᠨᠢᠷᠬᠠᠯᠲᠠᠢ ᠪᠢᠯᠠ᠃ ᠪᠠᠰᠠ ᠲᠠᠬᠢᠯᠭ᠎ᠠ ᠎ ᠶᠢᠨ ᠣᠪᠣᠭ᠎ᠠ᠂ ᠲᠠᠯ ᠬᠠᠳᠠ᠂ ᠲᠡᠮᠡᠭᠡ ᠬᠠᠳᠠ᠂ ᠠᠭᠤᠢ ᠬᠠᠳᠠ᠂ ᠦᠭᠡᠷ ᠴᠢᠯᠠᠭᠤ᠂ ᠲᠠᠪᠰᠢᠭᠤᠷ ᠬᠠᠳᠠ᠂ ᠲᠣᠭᠤᠭ᠎ᠠ ᠬᠠᠳᠠ᠂ ᠴᠢᠩᠬᠢᠰ ᠤᠨ ᠮᠣᠷᠢᠨ ᠲᠣᠭᠤᠷᠠᠢ ᠶᠢᠨ ᠣᠷᠣᠮ᠂ ᠴᠢᠩᠬᠢᠰ ᠤᠨ ᠬᠡᠷᠡᠮ ᠵᠡᠷᠭᠡ ᠰᠣᠨᠢᠨ ᠭᠠᠶᠢᠬᠠᠮᠰᠢᠭᠲᠦ ᠭᠠᠵᠠᠷ ᠤᠳ ᠪᠠᠶᠢᠳᠠᠭ᠃ ᠨᠣᠲᠤᠭ ᠤᠨ ᠮᠠᠯᠴᠢᠳ ᠵᠢᠯ ᠪᠦᠷᠢ ᠶᠢᠨ 6 ᠳ᠋ᠤᠭᠠᠷ ᠰᠠᠷ᠎ᠠ ᠳᠤ ᠶᠡᠭᠡ ᠠᠭᠤᠯᠠ ᠪᠠᠨ ᠲᠠᠬᠢᠵᠦ᠂ ︽ᠡᠷ᠎ᠡ ᠶᠢᠨ ᠭᠤᠷᠪᠠᠨ ᠨᠠᠭᠠᠳᠣᠮ︾ ᠡᠷᠬᠢᠯᠡᠵᠦ᠂ ᠬᠤᠯᠠ ᠣᠶᠢᠷ᠎ᠠ ᠶᠢᠨ ᠵᠢᠭᠤᠯᠴᠢᠯᠠᠭᠰᠠᠳ ᠢ ᠣᠷᠢᠨ ᠴᠣᠭᠯᠠᠭᠤᠯᠵᠦ ᠪᠠᠶᠢᠳᠠᠭ᠃     ᠠᠷᠪᠠ᠂ ᠴᠣᠶᠢᠴᠢᠨ ᠴᠠᠭᠠᠨ ᠨᠠᠭᠤᠷ ᠤᠨ ᠵᠢᠭᠤᠯᠴᠢᠯᠠᠯ ᠤᠨ ᠣᠷᠣᠨ     ᠲᠣᠰ ᠭᠠᠵᠠᠷ ᠨᠢ ᠦᠪᠦᠷᠪᠣᠯᠠᠭ ᠰᠣᠮᠣᠨ ᠤ ᠨᠤᠭᠤᠭᠠᠨᠨᠠᠭᠤᠷ ᠭᠠᠴᠠᠭᠠᠨ ᠳᠤ ᠬᠠᠷᠢᠶᠠᠯᠠᠭᠳᠠᠵᠦ᠂ ᠣᠮᠠᠷᠠᠲᠦ ᠦᠷᠭᠡᠷᠢᠭ ᠤᠨ 49。55、᠂ ᠵᠡᠭᠦᠨ ᠣᠷᠳᠣᠷᠢᠭ ᠤᠨ 119。34、᠎ ᠲᠤ ᠣᠷᠣᠰᠢᠵᠦ᠂ ᠠᠷᠣ ᠲᠠᠯ᠎ᠠ ᠪᠠᠷ ᠎ ᠢᠶᠠᠨ ᠬᠤᠩᠭᠤᠯᠵᠢ ᠶᠢᠨ ᠨᠠᠷᠠᠰᠣᠨ ᠰᠢᠭᠤᠢ ᠲᠠᠢ ᠵᠡᠷᠭᠡᠯᠡᠵᠦ᠂ ᠡᠮᠦᠨ᠎ᠡ ᠲᠠᠯ᠎ᠠ ᠪᠠᠷ ᠢᠶᠠᠨ ᠬᠠᠯᠠᠭᠤᠨ ᠷᠠᠰᠢᠶᠠᠨ ᠤ ᠵᠢᠭᠤᠯᠴᠢᠯᠠᠯ ᠤᠨ ᠣᠷᠣᠨ ᠲᠠᠢ ᠵᠠᠯᠭᠠᠯᠳᠣᠵᠦ᠂ ᠵᠡᠭᠦᠨ ᠲᠠᠯ᠎ᠠ ᠪᠠᠷ ᠢᠶᠠᠨ ᠼᠠᠢ ᠡᠾᠧ ᠵᠢᠭᠤᠯᠴᠢᠯᠠᠯ ᠤᠨ ᠣᠷᠣᠨ ᠲᠠᠢ ᠬᠦᠷᠰᠢᠯᠡᠵᠦ᠂ ᠡᠷᠬᠢᠨ ᠲᠣᠭᠤᠷᠢᠨ 10 ᠲᠦᠮᠡᠨ ᠮᠣ᠋ ᠪᠠᠶᠢᠭᠠᠯᠢ ᠶᠢᠨ ᠰᠢᠯᠢᠳᠡᠭ ᠰᠠᠶᠢᠨ ᠪᠡᠯᠴᠢᠭᠡᠷ ᠢᠶᠠᠷ ᠬᠦᠷᠢᠶᠡᠯᠡᠭᠳᠡᠵᠦ᠂ ᠢᠮᠢᠨ — ᠢᠷᠪᠢᠰ ᠤᠨ ᠵᠠᠰᠠᠮᠠᠯ ᠵᠠᠮ ᠬᠢᠭᠡᠳ ᠲᠡᠮᠦᠷ ᠵᠠᠮ ᠨᠠᠭᠤᠷ ᠤᠨ ᠬᠦᠪᠡᠭᠡ ᠪᠠᠷ ᠦᠩᠭᠡᠷᠡᠵᠦ ᠪᠠᠶᠢᠭ᠎ᠠ ᠲᠣᠯᠠ ᠠᠶᠠᠯᠠᠯ ᠵᠢᠭᠤᠯᠴᠢᠯᠠᠯ ᠤᠨ ᠠᠯᠣᠰ ᠢᠷᠡᠭᠡᠳᠦᠢ ᠲᠠᠢ ᠭᠠᠵᠠᠷ ᠪᠣᠯᠣᠨ᠎ᠠ᠃     ᠲᠣᠰ ᠨᠠᠭᠤᠷ ᠲᠤ ᠮᠣᠭᠠᠢ ᠶᠢᠨ ᠭᠤᠣᠯ ᠴᠢᠳᠬᠤᠵᠦ ᠪᠠᠶᠢᠭ᠎ᠠ ᠪᠣᠯᠬᠤᠷ ᠣᠰᠣᠨ ᠤ ᠡᠬᠢ ᠪᠠᠶᠠᠯᠢᠭ ᠬᠦᠢᠴᠡᠳ᠂ ᠣᠰᠣᠨ ᠤ ᠪᠦᠬᠦ ᠲᠠᠯᠠᠪᠠᠢ 10 ᠲᠦᠮᠡᠨ ᠮᠣ᠋᠂ ᠣᠰᠣᠨ ᠤ ᠬᠦᠨ ᠨᠢ 3 — 4 ᠮᠧᠲᠷ᠂ ᠣᠰᠣ ᠨᠢ ᠪᠣᠵᠠᠷᠳᠣᠯ ᠦᠭᠡᠢ ᠲᠣᠩᠭᠠᠯᠠᠭ ᠴᠡᠩᠭᠡᠭ ᠨᠠᠭᠤᠷ ᠲᠣᠯᠠ ᠡᠯ᠎ᠡ ᠲᠦᠷᠦᠯ ᠤᠨ ᠵᠢᠭᠠᠰᠦ ᠵᠢᠷᠠᠭᠠᠬᠠᠢ᠂ ᠣᠰᠣᠨ ᠤ ᠣᠷᠭᠤᠮᠠᠯ ᠦᠷᠡᠵᠢᠨ ᠪᠣᠶᠢᠵᠢᠬᠤ ᠳᠤ ᠲᠣᠬᠢᠲᠠᠢ ᠰᠠᠶᠢᠬᠠᠨ ᠭᠠᠵᠠᠷ ᠪᠤᠯᠬᠤ ᠪᠠᠷ ᠦᠯᠦ ᠪᠠᠷᠠᠨ ᠣᠢ ᠰᠢᠭᠤᠢ᠂ ᠡᠪᠡᠰᠦ ᠪᠡᠯᠴᠢᠭᠡᠷ ᠂ ᠨᠠᠭᠤᠷ ᠨᠣᠭᠤ᠂ ᠭᠤᠣᠯ ᠭᠤᠷᠤᠬ᠎ᠠ᠂ ᠲᠣᠪᠤ ᠲᠣᠯᠣᠭᠠᠳ ᠪᠦᠷᠢᠳᠦᠭᠰᠡᠨ ᠣᠢ ᠬᠦᠪᠴᠢ ᠶᠢᠨ ᠠᠮᠢ ᠠᠬᠤᠢ ᠶᠢᠨ ᠵᠢᠭᠤᠯᠴᠢᠯᠠᠯ᠂ ᠲᠠᠯ᠎ᠠ ᠨᠣᠲᠤᠭ ᠤᠨ ᠵᠢᠭᠤᠯᠴᠢᠯᠠᠯ᠂ ᠦᠨᠳᠦᠰᠦᠲᠡᠨ ᠤ ᠵᠠᠩ ᠦᠢᠯᠡ ᠶᠢᠨ ᠵᠢᠭᠤᠯᠴᠢᠯᠠᠯ ᠢ ᠡᠷᠬᠢᠯᠡᠬᠦ ᠎ ᠳᠤ ᠵᠣᠬᠢᠴᠠᠬᠤ ᠬᠦᠯᠦᠨ ᠪᠣᠶᠢᠷ ᠤᠨ ᠬᠠᠮᠤᠭ ᠤᠨ ᠪᠦᠷᠢᠨ ᠪᠦᠲᠦᠨ ᠪᠠᠶᠢᠭ᠎ᠠ ᠲᠠᠯ᠎ᠠ ᠨᠣᠲᠤᠭ ᠤᠨ ᠠᠶᠠᠯᠠᠯ ᠵᠢᠭᠤᠯᠴᠢᠯᠠᠯ ᠤᠨ ᠭᠠᠵᠠᠷ ᠪᠣᠯᠣᠨ᠎ᠠ᠃    ᠡᠮᠦᠨ᠎ᠡ ᠬᠦᠪᠡᠭᠡᠨ ᠳᠡᠭᠡᠷ᠎ᠡ ᠨᠢ ᠳᠤᠮᠳᠠᠳᠤ ᠤᠯᠤᠰ ᠤᠨ ᠮᠤᠩᠭᠤᠯ ᠦᠨᠳᠦᠰᠦᠲᠡᠨ ᠤ ᠤᠷᠴᠢᠨ ᠦᠶ᠎ᠡ ᠶᠢᠨ ᠤᠷᠠᠨ ᠵᠤᠬᠢᠶᠠᠯ ᠤᠨ ᠦᠨᠳᠦᠰᠦᠯᠡᠭᠴᠢ ᠨᠠ᠊ · ᠰᠠᠶᠢᠨᠴᠤᠭᠲᠤ ᠶᠢᠨ ︽ᠴᠤᠶᠢᠴᠢᠨ ᠴᠠᠭᠠᠨ ᠨᠠᠭᠤᠷ︾ ᠭᠡᠬᠦ ᠰᠢᠯᠦᠭ ᠎ ᠢᠶᠠᠨ ᠪᠢᠴᠢᠭᠰᠡᠨ ︽ᠠᠯᠲᠠᠨ ᠬᠠᠳᠠ︾ ᠪᠠᠶᠢᠬᠤ ᠪᠦᠭᠡᠳ ︽ᠢᠷᠠᠭᠤ ᠨᠠᠶᠢᠷᠠᠭ ᠤᠨ ᠤᠪᠤᠭ᠎ᠠ︾ ᠪᠤᠢ᠃
 
ᠢᠷᠡᠯᠲᠡ᠄ ᠰᠣᠶᠣᠯ ᠲᠡᠦᠬᠡ ᠶᠢᠨ᠂ ᠮᠠᠲ᠋ᠧᠷᠢᠶᠠᠯ5
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号