ᠨᠢᠭᠡᠨ ᠮᠠᠯᠴᠢᠨ ᠤ ᠤᠷᠤᠭᠤᠳᠠᠵᠤ ᠦᠭᠡᠳᠡᠯᠡᠭᠰᠡᠨ ᠠᠮᠢᠳᠤᠷᠠᠯ ᠤᠨ ᠦᠨᠡᠨ
ᠨᠡᠶᠢᠲᠡᠯᠡᠭᠰᠡᠨ ᠴᠠᠭ᠄
2017-07-31
         ᠨᠢᠭᠡᠨ ᠮᠠᠯᠴᠢᠨ ᠤ ᠤᠷᠤᠭᠤᠳᠠᠵᠤ ᠦᠭᠡᠳᠡᠯᠡᠭᠰᠡᠨ ᠠᠮᠢᠳᠤᠷᠠᠯ ᠤᠨ ᠦᠨᠡᠨ       ᠠᠳᠢᠶ᠎ᠠ   ᠡᠴᠢᠭᠡ ᠲᠡᠭᠦᠰ ᠪᠠᠷ 1912 ᠣᠨ ᠳᠤ᠂ ᠰᠢᠨ᠎ᠡ ᠪᠠᠷᠭᠤ ᠵᠡᠭᠦᠨ ᠭᠠᠷ ᠤᠨ ᠬᠥᠪᠡᠭᠡᠲᠦ ᠰᠢᠷ᠎ᠠ ᠬᠤᠰᠢᠭᠤᠨ ᠤ ᠬᠠᠱᠢᠭᠨᠠᠷ ︵ᠴᠡᠭᠡᠵᠢᠳ︶ ᠬᠠᠯᠠ ᠶᠢᠨ ᠴᠣᠭᠲᠤ ᠶᠢᠨ ᠳ᠋ᠠᠰᠢ ᠶᠢᠨ ᠳᠤ ᠶᠢᠰᠦᠨ ᠨᠠᠰᠤᠲᠠᠢ ︵1904 ᠤᠨ ᠳᠤ ᠲᠦᠷᠦᠭᠰᠡᠨ︶ ᠡᠬᠡ ᠪᠠᠨ ᠳᠠᠭᠠᠵᠤ ᠦᠷ᠎ᠡ ᠶᠢᠨ ᠭᠠᠭᠴᠠ ᠬᠦᠦ ᠨᠢ ᠪᠣᠯᠵᠤ ᠢᠷᠠᠯ᠎ᠠ᠃ ᠳ᠋ᠠᠰᠢ ᠶᠢᠨ ᠬᠢᠨ ᠲᠤᠬᠠᠢ ᠎ ᠶᠢᠨ ᠦᠶ᠎ᠡ ᠳᠤ ᠰᠢᠨ᠎ᠡ ᠪᠠᠷᠭᠤ ᠪᠠᠷᠠᠭᠤᠨ ᠵᠡᠭᠦᠨ ᠬᠤᠶᠠᠷ ᠬᠤᠰᠢᠭᠤᠨ ︵ᠽᠧᠪᠡᠯ᠂ ᠳᠠᠰᠬᠠᠨ ᠭᠠᠷ︶᠎ ᠤ ᠨᠤᠲᠤᠭ ᠎ ᠤᠨ ᠵᠠᠭᠠᠭ ᠲᠤ ᠨᠤᠲᠤᠭᠰᠢᠨ ᠠᠮᠢᠳᠤᠷᠠᠵᠤ ᠪᠠᠶᠢᠯ᠎ᠠ᠃ ᠣᠳᠣ ᠶᠢᠨ ᠮᠠᠨᠵᠤᠤᠷ ᠬᠤᠲᠠ ᠶᠢᠨ ᠪᠠᠷᠠᠭᠤᠨ ᠪᠡᠶ᠎ᠡ ᠶᠢᠨ ᠤᠤᠷᠵᠢᠨ ᠠᠭᠤᠯᠠ ᠶᠢᠨ ᠲᠡᠨᠳᠡ ᠨᠤᠲᠤᠭᠰᠢᠵᠤ ᠪᠠᠶᠢᠪᠠ᠃   ᠳ᠋ᠠᠰᠢ᠂ ᠲᠤᠬᠠᠢ ᠶᠢᠨ ᠦᠶ᠎ᠡ ᠳᠤ 300 — 400 ᠣᠷᠴᠢᠮ ᠤᠨ ᠬᠤᠨᠢ ᠲᠠᠢ ︵ᠭᠤᠣᠯᠳᠠᠭᠤ ᠶᠠᠭᠠᠨ᠂ ᠬᠥᠬᠡ ᠲᠣᠯᠣᠭᠠᠢ ᠲᠠᠢ︶᠂ ᠠᠷᠪᠠᠨ ᠬᠡᠳᠦᠨ ᠦᠬᠡᠷ ᠲᠠᠢ᠂ ᠠᠵᠢᠷᠭ᠎ᠠ ᠪᠠᠷ ᠠᠳᠤᠭᠤ ᠲᠠᠢ᠂ ᠳᠤᠮᠳᠠ ᠶᠢᠨ ᠠᠶᠢᠯ ᠪᠠᠶᠢᠯ᠎ᠠ ᠭᠡᠳᠡᠭ᠃ ᠲᠡᠭᠦᠨ ᠤ ᠨᠠᠰᠤ ᠪᠠᠷᠠᠭᠰᠠᠨ ᠤ ᠳᠠᠷᠠᠭᠠᠬᠠᠨ᠂ ᠰᠠᠶᠢᠨ ᠨᠠᠶᠢᠵᠠ ᠶᠢᠨ ᠬᠦᠦ ᠳ᠋ᠠᠷᠬᠢᠵᠠ ᠶᠢ ᠬᠠᠪᠰᠤᠷᠴᠤ ᠬᠠᠮᠲᠤᠷᠠᠵᠤ ᠪᠠᠶᠢᠵᠠᠢ᠃ ᠳ᠋ᠠᠷᠬᠢᠵᠠ ᠠᠷᠪᠠᠨ ᠬᠡᠳᠦᠨ ᠨᠠᠰᠤ ᠲᠠᠢ᠂ ᠲᠤᠰ ᠠᠶᠢᠯ ᠪᠣᠯ ᠨᠡᠷᠡᠲᠡᠢ ᠪᠠᠶᠠᠨ ᠠᠶᠢᠯ ᠪᠠᠶᠢᠭᠰᠠᠨ ᠭᠡᠨ᠎ᠡ᠃ ᠮᠠᠨᠵᠤ ᠬᠠᠭᠠᠨ ᠤ ᠳᠠᠩᠰᠠᠨ ᠳᠤ ᠣᠷᠣᠭᠰᠠᠨ ᠲᠣᠭᠠᠲᠠᠢ ᠬᠡᠳᠦᠨ ᠪᠠᠶᠠᠨ ᠠᠶᠢᠯ ᠤᠨ ᠨᠢᠭᠡ ᠪᠠᠶᠢᠯ᠎ᠠ᠃   ᠡᠨᠡ ᠠᠶᠢᠯ ᠵᠢᠯ ᠳᠡᠭᠡᠨ ᠦᠬᠡᠷ ᠢᠶᠠᠨ ᠶᠡᠷᠦ ᠨᠢ ᠬᠤᠷᠢᠶᠠᠬᠤ ᠦᠭᠡᠢ ᠭᠡᠨ᠎ᠡ᠃ ᠳᠠᠷᠠᠭ᠎ᠠ ᠵᠢᠯ ᠤᠨ ᠬᠠᠪᠤᠷ ᠦᠨᠢᠶ᠎ᠡ ᠲᠤᠭᠤᠯᠯᠠᠵᠤ ᠪᠠᠷᠠᠬᠤ ᠶᠢᠨ ᠦᠶ᠎ᠡ ᠳᠤ ᠵᠠᠷ ᠲᠠᠯᠪᠢᠵᠤ ᠰᠠᠶᠢᠨ ᠮᠤᠷᠢᠲᠠᠢ ᠬᠥᠮᠥᠰ ᠢ ᠣᠯᠠᠨ ᠴᠤᠭᠯᠠᠭᠤᠯᠵᠤ᠂ ᠬᠦᠷᠢᠶ᠎ᠡ ᠠᠪᠠ ᠶᠢᠨ ᠮᠠᠶ᠋ᠢᠭ ᠢᠶᠠᠷ ᠦᠬᠡᠷ ᠢᠶᠠᠨ ᠨᠢᠭᠡ ᠡᠳᠦᠷ ᠳᠣᠲᠣᠭᠰᠢ ᠬᠥᠭᠡᠭᠡᠬᠦ ᠳᠤ᠂ ᠡᠨᠡ ᠠᠭᠤᠯᠠ ᠶᠢᠨ ᠵᠢᠯᠠᠭ᠎ᠠ ᠠᠴᠠ ᠠᠷᠪᠠᠨ ᠬᠡᠳᠦᠨ ᠲᠤᠭᠤᠯ ᠲᠠᠢ ᠵᠡᠷᠯᠢᠭ ᠪᠣᠯᠣᠭᠰᠠᠨ ᠦᠬᠡᠷ᠂ ᠲᠡᠷᠡ ᠠᠭᠤᠯᠠ ᠶᠢᠨ ᠵᠢᠯᠠᠭ᠎ᠠ ᠠᠴᠠ ᠬᠡᠳᠦᠨ ᠵᠠᠭᠤᠨ ᠦᠬᠡᠷ ᠁ ᠭᠡᠬᠦ ᠮᠡᠲᠦ ᠪᠠᠷ ᠴᠤᠭᠯᠠᠭᠤᠯᠵᠤ᠂ ᠣᠷᠣᠢ ᠪᠦᠷᠦᠩᠬᠦᠢ ᠪᠣᠯᠬᠤ ᠦᠶ᠎ᠡ ᠪᠠᠷ ᠶᠡᠭᠡ ᠲᠥᠯᠥᠪ ᠲᠤᠭ᠎ᠠ ᠶᠢ ᠨᠢ ᠠᠪᠳᠠᠭ ᠭᠡᠨ᠎ᠡ᠃   ᠲᠡᠭᠦᠰ ᠤᠨ ᠠᠷᠪᠠᠨ ᠨᠢᠭᠡᠨ ᠨᠠᠰᠤᠲᠠᠢ ᠵᠢᠯ ᠤᠨ ᠨᠢᠭᠡ ᠥᠷᠯᠥᠭᠡ᠂ ᠲᠡᠭᠦᠨ ᠤ ᠡᠴᠢᠭᠡ ᠳ᠋ᠠᠰᠢ ᠡᠷᠲᠡ ᠪᠣᠰᠣᠭᠠᠳ ᠬᠤᠴᠢᠯᠭ᠎ᠠ ᠪᠠᠨ ᠡᠪᠬᠡᠵᠦ ᠬᠠᠨ᠎ᠠ ᠪᠠᠨ ᠲᠦᠰᠢᠭᠦᠯᠵᠦ ᠬᠤᠷᠢᠶᠠᠭᠠᠳ ᠳᠡᠪᠡᠯ ᠭᠤᠲᠤᠯ ᠢᠶᠠᠨ ᠡᠮᠦᠰᠴᠦ᠂ ᠪᠦᠰᠡ ᠪᠠᠨ ᠪᠦᠰᠡᠯᠡᠭᠡᠳ ᠬᠤᠴᠢᠯᠭ᠎ᠠ ᠪᠠᠨ ᠨᠠᠯᠠᠵᠤ ᠰᠠᠭᠤᠭᠠᠳ ︵ᠡᠳᠦᠷ ᠪᠦᠷᠢ ᠡᠶᠢᠮᠦ ᠵᠠᠩᠰᠢᠯ ᠲᠠᠢ︶ ᠴᠠᠢ ᠪᠠᠨ ᠤᠤᠭᠤᠬᠤ ᠭᠡᠵᠤ ᠪᠠᠶᠢᠲᠠᠯ᠎ᠠ ᠪᠠᠨ ᠬᠥᠭᠰᠢᠨ ᠳᠡᠭᠡᠨ᠄ ︽ᠲᠣᠯᠣᠭᠠᠢ ᠡᠪᠡᠳᠴᠦ ᠪᠠᠶᠢᠨ᠎ᠠ᠂ ᠴᠢ ᠢᠷᠠᠵᠤ ᠲᠣᠯᠣᠭᠠᠢ ᠪᠠᠵᠢᠭᠤᠵᠤ   ᠥᠭ︾ ᠭᠡᠰᠡᠨ ᠳᠤ ᠬᠥᠭᠰᠢᠨ ᠨᠢ ᠣᠴᠢᠵᠤ ᠲᠣᠯᠣᠭᠠᠢ ᠶᠢ ᠨᠢ ᠨᠤᠬᠤᠵᠤ ᠪᠠᠶᠢᠬᠤ ᠦᠶ᠎ᠡ ᠳᠤ ᠭᠡᠨᠡᠳᠲᠡ ᠨᠢᠭᠡ ᠠᠶᠠᠭ᠎ᠠ ᠬᠢᠷᠢᠲᠡᠢ ᠴᠢᠰᠤ ᠨᠥᠵᠢ ᠪᠠᠷ ᠪᠥᠭᠡᠯᠵᠢᠭᠡᠳ ᠳᠣᠣᠷ᠎ᠠ ᠪᠠᠨ ᠰᠠᠭᠤᠭ᠎ᠠ ᠪᠠᠷ ᠢᠶᠠᠨ ᠠᠮᠢ ᠲᠠᠯᠪᠢᠪᠠ᠃ ᠢᠩᠭᠢᠭᠡᠳ ᠲᠡᠭᠦᠰ ᠠᠷᠪᠠᠨ ᠨᠢᠭᠡᠨ ᠨᠠᠰᠤᠲᠠᠢ ᠳᠠᠭᠠᠨ ᠡᠬᠡ ᠲᠠᠢ ᠪᠠᠨ ᠬᠤᠶᠠᠭᠤᠯᠠ ᠪᠠᠨ ᠥᠨᠥᠴᠢᠨ ᠥᠷᠥᠭᠡᠰᠦᠨ ᠦᠯᠡᠳᠡᠪᠡ᠃ ᠮᠥᠨ ᠴᠦ ᠳ᠋ᠠᠷᠬᠢᠵᠠ ᠶᠢ ᠬᠠᠪᠰᠤᠷᠴᠤ ᠳᠡᠮᠵᠢᠵᠦ ᠪᠠᠶᠢᠭᠰᠠᠨ ᠪᠠᠶᠢᠷᠢ ᠰᠠᠭᠤᠷᠢ ᠠᠭᠠᠵᠢᠮ ᠳᠠᠭᠠᠨ ᠰᠣᠯᠢᠭᠳᠠᠵᠤ᠂ ᠳ᠋ᠠᠷᠬᠢᠵᠠ ᠲᠡᠳᠡᠨ ᠢ ᠬᠠᠪᠰᠤᠷᠴᠤ ᠬᠠᠷᠠᠭᠠᠯᠵᠠᠬᠤ᠂ ᠤᠳᠠᠭᠠᠨ ᠳᠠᠭᠠᠨ ᠲᠡᠭᠦᠰ ᠲᠡᠳᠡᠨ ᠤ ᠬᠥᠯᠥᠰᠦ ᠦᠭᠡᠢ ᠵᠠᠷᠤᠴᠠ ᠨᠢ ᠪᠣᠯᠪᠠ᠃ ᠪᠦᠷ ᠲᠡᠭᠦᠰ ᠤᠨ 17 ᠨᠠᠰᠤᠲᠠᠢ ᠵᠢᠯ ᠨᠢ ᠳ᠋ᠠᠷᠬᠢᠵᠠ ᠥᠬᠢᠨ ᠳᠡᠭᠦᠦ ᠳᠠᠷᠢᠮ᠎ᠠ ︵ᠡᠮᠦᠨᠡᠬᠢ ᠡᠬᠡᠨᠡᠷ ᠨᠢ︶᠎ ᠪᠠᠨ ᠡᠬᠡᠨᠡᠷ ᠪᠣᠯᠭᠠᠨ ᠥᠭᠪᠡ᠃ ᠡᠭᠦᠨ ᠠᠴᠠ ᠡᠬᠢᠯᠡᠵᠦ ᠲᠡᠳᠡ ᠳ᠋ᠠᠷᠬᠢᠵᠠ ᠶᠢᠨ ᠨᠡᠷ᠎ᠡ ᠨᠢᠳᠡᠷ ᠲᠡᠭᠡᠨ ᠨᠡᠶᠢᠴᠡᠭᠰᠡᠨ ᠵᠠᠷᠤᠴᠠ ᠠᠶᠢᠯ ᠨᠢ ᠪᠣᠯᠪᠠ᠃ ᠮᠥᠨ ᠴᠦ ᠡᠨᠡ ᠦᠶ᠎ᠡ ᠠᠴᠠ ᠡᠬᠢᠯᠡᠵᠦ ᠠᠮᠢᠳᠤᠷᠠᠯ ᠨᠢ ᠶᠠᠳᠠᠭᠤᠷᠠᠵᠤ ᠳᠣᠷᠣᠶᠢᠲᠠᠨ᠂ ᠬᠤᠨᠢ ᠨᠢ ᠦᠷᠭᠦᠯᠵᠢ ᠡᠪᠡᠳᠴᠢᠨ ᠢᠶᠠᠷ ᠦᠬᠦᠬᠦ᠂ ᠨᠢᠭᠡ ᠤᠳᠠᠭ᠎ᠠ ᠬᠤᠨᠢ ᠨᠢ ᠬᠤᠵᠢᠭᠢᠷ ᠪᠣᠯᠵᠤ ᠨᠣᠣᠰᠣ ᠨᠢ ᠪᠦᠷ ᠭᠤᠤᠵᠢᠵᠤ ᠤᠨᠠᠭᠠᠳ ᠶᠡᠬᠡᠩᠬᠢ ᠨᠢ ᠦᠬᠦᠪᠠ᠃ ᠢᠩᠭᠢᠭᠡᠳ ᠠᠷᠭ᠎ᠠ ᠠᠪᠬᠤ ᠎ ᠳᠠᠭᠠᠨ ᠰᠦᠮ᠎ᠡ ᠳᠤ ᠮᠥᠷᠭᠦᠯ ᠬᠢᠬᠦ᠂ ᠨᠣᠮ ᠲᠠᠯᠪᠢᠭᠤᠯᠬᠤ᠂ ᠵᠢᠰᠠᠭ᠎ᠠ ᠤᠩᠰᠢᠭᠤᠯᠬᠤ ᠵᠡᠷᠭᠡ ᠪᠠᠷ ᠦᠯᠡᠳᠡᠭᠰᠡᠨ ᠬᠡᠰᠡᠭ ᠮᠠᠯ ᠢᠶᠠᠨ ᠡᠷᠭᠦᠯ ᠳᠤ ᠡᠷᠭᠦᠵᠦ ᠪᠠᠷᠠᠪᠠ᠃   ᠶᠠᠭ ᠡᠨᠡ ᠦᠶ᠎ᠡ ᠳᠤ᠂ ᠵᠡᠭᠦᠨ ᠭᠠᠷ ᠤᠨ ᠬᠤᠰᠢᠭᠤᠨ ᠤ ᠭᠠᠯᠢᠳᠠ ᠶᠠᠮᠤᠨ ᠠᠴᠠ ︽ᠪᠠᠶᠢᠲ᠋ᠠ︾ ︵ᠠᠯᠪᠠᠨ ᠪᠢᠴᠢᠭ︶ ᠢᠷᠡᠵᠡᠢ᠃ ᠠᠭᠤᠯᠭ᠎ᠠ ᠨᠢ ᠤᠯᠬᠠᠲᠤ ᠨᠠᠮᠵᠢᠯᠳᠦ᠋ᠲᠦᠪ ᠠᠪᠠᠴᠢᠵᠤ ᠭᠠᠷ ᠭᠤᠴᠤᠭ ᠢᠶᠠᠨ ᠬᠢᠬᠦ ᠶᠤᠮ ᠭᠡᠨ᠎ᠡ ᠃ ᠢᠩᠭᠢᠭᠡᠳ ᠡᠬᠡ᠂ ᠡᠬᠡᠨᠡᠷ ᠢᠶᠠᠨ ᠳ᠋ᠠᠷᠬᠢᠵᠠ ᠶᠢᠨ ᠳᠤ ᠦᠯᠡᠳᠡᠭᠡᠵᠦ ᠥᠪᠡᠷᠲᠡᠭᠡᠨ ᠭᠠᠯᠢᠳᠠ ᠶᠠᠮᠤᠨ ᠳᠤ ᠣᠴᠢᠯ᠎ᠠ᠃ ᠬᠤᠷᠢᠨ ᠨᠢᠭᠡᠨ ᠨᠠᠰᠤᠲᠠᠢ ᠲᠡᠷᠡ ᠪᠠᠷ ᠪᠢᠴᠢᠭ ᠰᠣᠶᠣᠯ ᠨᠢᠭᠡ ᠴᠦ ᠮᠡᠳᠡᠬᠦ ᠦᠭᠡᠢ᠂ ᠬᠢᠬᠦ ᠠᠵᠢᠯ ᠨᠢ ᠪᠣᠯ ᠨᠠ᠊ ᠭᠠᠯᠢᠳᠠ ᠤᠨᠲᠠᠪᠠᠯ ᠰᠠᠯᠵᠤ᠂ ᠰᠡᠷᠡᠭᠦᠨ ᠪᠣᠯ ᠲᠥᠭᠡ ᠴᠦ ᠰᠠᠯᠵᠤ ᠪᠣᠯᠬᠤ ᠦᠭᠡᠢ ᠠᠵᠢᠯ ᠲᠠᠢ᠃ ᠶᠠᠭᠠᠬᠢᠭᠠᠳ ᠲᠡᠭᠦᠨ ᠢ ᠳᠠᠭᠤᠳᠠᠵᠤ ᠭᠠᠷ ᠳᠣᠣᠷ᠎ᠠ ᠪᠠᠨ ᠵᠠᠷᠤᠬᠤ ᠪᠣᠯᠣᠭᠰᠠᠨ ᠨᠢ᠄ ᠨᠠ᠊ ᠭᠠᠯᠢᠳᠠ ᠪᠣᠯᠣᠨ ᠲᠡᠭᠦᠨ ᠤ ᠡᠴᠢᠭᠡ ᠳ᠋ᠠᠰᠢ ᠬᠤᠶᠠᠷ ᠪᠣᠯ ᠨᠢᠭᠡ ᠬᠠᠯᠠ ᠲᠠᠢ ᠮᠥᠷᠲᠡᠭᠡᠨ ᠰᠠᠶᠢᠨ ᠨᠠᠶᠢᠵᠠ ᠪᠠᠶᠢᠵᠠᠢ᠃ ᠡᠶᠢᠮᠦ ᠠᠴᠠ ᠳ᠋ᠠᠰᠢ ᠠᠴᠠ ᠨᠠ᠊ ᠭᠠᠯᠢᠳᠠ ᠎ ᠳᠤ ᠦᠭᠡ ᠦᠯᠡᠳᠡᠭᠡᠭᠰᠡᠨ ᠪᠣᠯᠣᠯᠲᠠᠢ᠃ ᠨᠠ᠊ ᠭᠠᠯᠢᠳᠠ ᠪᠣᠯ ᠬᠠᠷᠭᠢᠰ ᠬᠠᠲᠠᠭᠤ ᠨᠡᠷᠡᠲᠡᠢ ᠬᠥᠮᠥᠨ ᠲᠤᠯᠠ ᠲᠡᠭᠦᠨ ᠳᠤ ᠴᠢᠯᠦᠭᠡ ᠥᠭᠴᠦ ᠭᠡᠷ ᠲᠤᠨᠢ ᠬᠠᠷᠢᠭᠤᠯᠬᠤ ᠤᠴᠢᠷ ᠶᠡᠷᠦ ᠨᠢ ᠦᠭᠡᠢ᠂ ᠬᠡᠳᠦᠨ ᠵᠢᠯ ᠪᠣᠯᠵᠠᠢ᠃ ᠭᠡᠪᠡᠴᠦ ᠠᠵᠢᠯ ᠠᠯᠪᠠ ᠪᠠᠷ ᠣᠶᠢᠷᠠᠯᠴᠠᠭ᠎ᠠ ᠣᠴᠢᠬᠤ᠂ ᠨᠡᠩ ᠴᠦ ᠳ᠋ᠠᠷᠬᠢᠵᠠ ᠪᠠᠶᠠᠨ ᠢᠨᠠᠭᠰᠢ ᠴᠢᠨᠠᠭᠰᠢ ᠶᠠᠪᠤᠬᠤ ᠵᠡᠷᠭᠡ ᠳᠤ ᠭᠡᠷ ᠪᠠᠷᠠᠭ᠎ᠠ ᠳᠠᠭᠠᠨ ᠣᠴᠢᠳᠠᠭ ᠤᠳᠠᠭ᠎ᠠ ᠲᠠᠢ᠃ ᠢᠩᠭᠢᠭᠡᠳ ᠣᠳᠣ ᠶᠢᠨ ᠬᠠᠶᠢᠯᠠᠷ — ᠠᠮᠤᠭᠤᠯᠠᠩ ᠤᠨ ᠳᠤᠮᠳᠠ ᠭᠦᠨ ᠵᠢᠯᠠᠭ᠎ᠠ ᠳᠤ ᠮᠠᠰᠢᠨ ᠨᠢ ᠤᠷᠪᠠᠵᠤ᠂ ᠨᠠ᠊ ᠭᠠᠯᠢᠳᠠ ᠠᠳᠡᠯ ᠳᠤ ᠨᠠᠰᠤ ᠪᠠᠷᠠᠬᠤ ᠪᠣᠯᠲᠠᠯ᠎ᠠ 3 — 4 ᠵᠢᠯ ᠪᠣᠯᠣᠭᠠᠳ ᠭᠡᠷ ᠲᠡᠭᠡᠨ ᠪᠤᠴᠠᠪᠠ᠃ ᠲᠡᠭᠦᠨ ᠤ ᠬᠡᠳᠦᠨ ᠵᠢᠯ ᠬᠠᠮᠤᠭ ᠤᠨ ᠰᠠᠶᠢᠨ ᠰᠤᠷᠤᠭᠰᠠᠨ ᠵᠦᠢᠯ ᠨᠢ ᠠᠷᠢᠬᠢ ᠤᠤᠭᠤᠬᠤ ᠎ ᠶᠢ ᠰᠤᠷᠴᠠᠢ᠃ ᠤᠴᠢᠷ ᠨᠢ ᠨᠠ᠊ ᠭᠠᠯᠢᠳᠠ ᠠᠷᠢᠬᠢ ᠤᠤᠭᠤᠳᠠᠭ ᠬᠥᠮᠥᠨ ᠪᠠᠶᠢᠵᠠᠢ᠃ ᠲᠡᠭᠦᠨ ᠤ ᠠᠷᠢᠬᠢ ᠨᠢ ᠭᠠᠳᠠᠨ᠎ᠠ ᠬᠦᠯᠢᠶ᠎ᠡ ᠲᠡᠷᠭᠡᠨ ᠳᠣᠲᠣᠷ᠎ᠠ᠂ ᠳᠥᠷᠪᠡᠯᠵᠢᠨ ᠪᠠᠳᠢᠷᠢᠩᠬᠡ ᠰᠠᠪᠠ ᠳᠣᠲᠣᠷ᠎ᠠ ᠪᠠᠶᠢᠳᠠᠭ ᠲᠤᠯᠠ ᠲᠡᠭᠦᠨ ᠤ ᠠᠷᠢᠬᠢ ᠤᠤᠭᠤᠬᠤ ᠪᠣᠯᠭᠠᠨ ᠳᠤ ᠰᠢᠮᠡᠭᠦᠷ ᠢᠶᠠᠷ ᠰᠤᠷᠤᠵᠤ᠂ ᠱᠠᠬᠤᠤ ᠳᠤ ᠬᠢᠳᠡᠭ ᠶᠤᠮ᠃ ᠡᠬᠢᠨ ᠳᠡᠭᠡᠨ ᠪᠣᠯᠪᠠᠰᠤᠷᠠᠩᠭᠤᠢ ᠪᠢᠰᠢ᠂ ᠠᠷᠢᠬᠢ ᠵᠠᠯᠭᠢᠬᠤ ᠳᠠᠭᠠᠨ ᠬᠠᠨᠢᠶᠠᠵᠤ ᠬᠠᠭ᠋ᠠᠬᠤ᠂ ᠨᠢᠰᠤ ᠨᠢᠯᠪᠤᠰᠤ ᠨᠢ ᠭᠤᠭᠤᠵᠢᠨ᠂ ᠰᠡᠭᠦᠯ ᠳᠡᠭᠡᠨ ᠰᠣᠷᠣᠬᠤ ᠳᠠᠭᠠᠨ ᠨᠢᠭᠡ ᠵᠠᠯᠭᠢᠬᠤ ᠮᠡᠲᠦ ᠪᠠᠷ ᠠᠷᠢᠬᠢ ᠤᠤᠭᠤᠬᠤ ᠳᠤᠷᠠᠲᠠᠢ ᠪᠣᠯᠵᠠᠢ᠃   ᠢᠩᠭᠢᠭᠡᠳ ᠭᠡᠷ ᠲᠡᠭᠡᠨ ᠢᠷᠡᠭᠡᠳ ᠳᠡᠮᠡᠢ ᠤᠳᠠᠭᠰᠠᠨ ᠦᠭᠡᠢ ᠪᠠᠷ ᠡᠬᠡ ᠨᠢ ᠨᠠᠰᠤ ᠪᠠᠷᠠᠪᠠ᠃ ᠬᠥᠷᠥᠩᠭᠡ ᠮᠠᠯ ᠨᠢ ᠮᠠᠭᠤᠳᠠᠵᠤ᠂ ᠥᠪᠡᠷ ᠢᠶᠠᠨ ᠠᠷᠢᠬᠢᠨ ᠳᠤ ᠣᠷᠣᠵᠤ᠂ ᠵᠠᠩ ᠠᠭᠠᠰᠢ ᠥᠭᠡᠷᠡᠲᠦᠵᠦ᠂ ᠠᠭᠤᠷ ᠣᠮᠤᠭ ᠢᠶᠠᠨ ᠡᠬᠡᠨᠡᠷ ᠬᠡᠦᠬᠡᠳ ᠲᠡᠭᠡᠨ ᠭᠠᠷᠭᠠᠬᠤ ᠪᠣᠯᠣᠯ᠎ᠠ᠃ ᠨᠡᠩ ᠴᠦ ᠳ᠋ᠠᠷᠬᠢᠵᠠ ᠲᠠᠢ ᠪᠠᠨ ᠲᠠᠭᠠᠷᠠᠯᠴᠠᠬᠤ ᠪᠠᠨ ᠪᠣᠯᠢᠵᠤ᠂ ᠰᠠᠯᠬᠤ ᠠᠴᠠ ᠥᠭᠡᠷ᠎ᠡ ᠠᠷᠭ᠎ᠠ ᠦᠭᠡᠢ ᠪᠣᠯᠣᠯ᠎ᠠ᠃ ᠢᠩᠭᠢᠭᠡᠳ ᠳᠥᠷᠪᠡᠳᠦᠭᠡᠷ ᠬᠦᠦ ᠴᠢᠯᠠᠭᠤ ᠪᠠᠨ ᠭᠠᠷᠤᠩᠭᠤᠲᠠ ᠨᠢ ᠳ᠋ᠠᠷᠬᠢᠵᠠ ︵ᠨᠠᠭᠠᠴᠤ ᠶᠢᠨ ᠳᠤᠨᠢ︶᠎ ᠳᠤ ᠬᠦᠦ ᠦᠭᠡᠢ ᠲᠤᠯᠠ ᠬᠦᠦᠴᠢᠯᠡᠵᠦ ᠥᠭᠪᠡ᠃ ᠬᠦᠦ ᠪᠠᠨ ᠬᠤᠶᠠᠷ ᠨᠠᠰᠤ ᠪᠣᠯᠲᠠᠯ᠎ᠠ ᠳ᠋ᠠᠷᠬᠢᠵᠠ ᠶᠢᠨ ᠳᠡᠷᠭᠡᠳᠡ ᠠᠮᠢᠳᠤᠷᠠᠭᠠᠳ ᠨᠢᠭᠡ ᠤᠨᠤᠬᠤ ᠮᠣᠷᠢ ᠲᠠᠢ᠂ ᠢᠮᠠᠭ᠎ᠠ ᠬᠤᠨᠢ ᠠᠷᠪᠠᠨ ᠬᠡᠳᠦᠨ ᠮᠠᠯ ᠲᠠᠢ ᠨᠠᠮᠤᠭᠦ᠋ᠷᠦ ᠰᠦᠮ᠎ᠡ ᠳᠤ ᠨᠡᠭᠦᠵᠦ ᠣᠴᠢᠪᠠ᠃ ᠨᠠᠮᠤᠭᠦ᠋ᠷᠦ ᠰᠦᠮ᠎ᠠ   ︵ᠬᠥᠪᠡᠭᠡᠲᠤ ᠰᠢᠷ᠎ᠠ ᠬᠤᠰᠢᠭᠤᠨ ᠤ ᠰᠦᠮ᠎ᠡ︶᠎ ᠳᠤ ᠲᠡᠭᠦᠰ ᠤᠨ ᠨᠢᠭᠡᠨ ᠡᠷᠳᠡᠮ ᠰᠣᠶᠣᠯ ᠲᠠᠢ᠂ ᠰᠦᠮ᠎ᠡ ᠳᠡᠭᠡᠨ ᠪᠠᠰᠠ ᠵᠡᠷᠭᠡ ᠲᠤᠰᠢᠶᠠᠯ ᠲᠠᠢ ᠠᠪᠠᠭ᠎ᠠ ᠯᠠᠮᠠ ᠪᠠᠶᠢᠵᠠᠢ᠃ ᠳᠡᠭᠡᠭᠡᠳ ᠰᠦᠮ᠎ᠡ ᠶᠢᠨ ᠵᠢᠰᠠ ᠶᠢᠨ ᠮᠠᠯ ᠬᠠᠷᠠᠳᠠᠭ ᠠᠶᠢᠯ ᠪᠤᠯᠵᠤ᠂ ᠪᠦᠷ ᠰᠡᠭᠦᠯ ᠳᠡᠭᠡᠨ ᠯᠣᠶᠢᠯᠤᠩ ᠰᠦᠮ᠎ᠡ ᠶᠢᠨ ᠵᠢᠰᠠ ᠶᠢᠨ ᠮᠠᠯ ᠬᠠᠷᠠᠳᠠᠭ ᠠᠵᠢᠯ ᠲᠠᠢ ᠠᠶᠢᠯ ᠪᠣᠯᠵᠠᠢ᠃ ᠳᠡᠭᠡᠬᠦ ᠳᠤ ᠠᠮᠢᠳᠤᠷᠠᠯ ᠨᠢ ᠬᠠᠮᠤᠭ ᠤᠨ ᠳᠣᠷᠣᠶᠢᠲᠠᠯ ᠮᠤᠬᠤᠷᠳᠠᠯ ᠳᠤ ᠣᠷᠣᠭᠠᠳ ᠪᠠᠶᠢᠵᠠᠢ᠃   ᠨᠢᠭᠡ ᠯᠡ ᠣᠨᠣᠬᠤ ᠮᠣᠷᠢ ᠲᠠᠢ᠂ ᠥᠭᠡᠷ᠎ᠡ ᠮᠠᠯ ᠭᠡᠵᠤ ᠶᠠᠭ ᠦᠭᠡᠢ᠂ ᠬᠡᠦᠬᠡᠳ ᠪᠠᠰᠠ ᠣᠯᠠᠨ᠂ ᠠᠮᠢᠳᠤᠷᠠᠯ ᠢᠶᠠᠨ ᠵᠢᠰᠠ ᠶᠢᠨ ᠮᠠᠯ ᠬᠠᠷᠠᠭᠠᠳ ᠨᠠᠮᠤᠷ ᠢᠳᠡᠰᠢᠨ ᠤ ᠦᠶ᠎ᠡ ᠳᠤ ᠭᠡᠳᠡᠰᠦ ᠭᠦᠵᠡᠭᠡ᠂ ᠰᠢᠷ᠎ᠠ ᠲᠣᠰᠣ᠂ ᠳᠤᠯᠠᠭᠠᠨ ᠤ ᠦᠶ᠎ᠡ ᠳᠤ ᠯᠠᠮᠠ ᠨᠠᠷ ᠲᠤ ᠠᠷᠭᠠᠯ ᠲᠦᠯᠡᠰᠢ ᠲᠠᠲᠠᠵᠤ ᠥᠭᠭᠦᠭᠡᠳ ᠪᠠᠭ᠎ᠠ ᠰᠠᠭ᠎ᠠ ᠠᠭᠠᠷᠤᠤᠯ ᠲᠣᠰᠣ ᠣᠯᠵᠤ ᠠᠮᠢ ᠵᠠᠭᠤᠵᠤ ᠪᠠᠶᠢᠵᠠᠢ᠃ ᠨᠢᠭᠡ ᠤᠳᠠᠭ᠎ᠠ ᠵᠢᠰᠠ ᠶᠢᠨ ᠬᠠᠯᠲᠠᠷ ᠭᠡᠳᠡᠭ ᠭᠠᠭᠴᠠ ᠮᠣᠷᠢ ᠪᠠᠨ ᠣᠨᠣᠭᠠᠳ ᠰᠦᠮ᠎ᠡ ᠣᠷᠣᠵᠤ᠂ ᠪᠡᠶ᠎ᠡ ᠮᠠᠭᠤᠲᠠᠢ ᠠᠪᠠᠭ᠎ᠠ ᠯᠠᠮᠠ ᠪᠠᠨ ᠡᠷᠭᠢᠵᠦ ︵ᠬᠤᠶᠠᠳᠤᠭᠠᠷ ᠬᠦᠦ ᠭᠠᠯᠰᠠᠩᠳᠠᠭᠪᠠ ᠪᠠᠨ ᠠᠷᠪᠠ ᠬᠦᠷᠦᠭᠡᠳᠦᠢ ᠪᠠᠷ ᠨᠢ ᠱᠠᠪᠢ ᠪᠣᠯᠭᠠᠵᠤ  ᠥᠭᠴᠡᠢ︶᠂ ᠪᠤᠴᠠᠬᠤ ᠵᠠᠮ ᠳᠠᠭᠠᠨ ᠣᠷᠣᠶᠢᠲᠠᠵᠤ ᠨᠢᠭᠡ ᠠᠶᠢᠯ ᠳᠤ ᠬᠤᠨᠣᠪᠠ᠃ ᠣᠷᠣᠢ ᠨᠢ ᠮᠣᠷᠢ ᠪᠠᠨ ᠲᠡᠷᠡ ᠠᠶᠢᠯ ᠤᠨ ᠮᠣᠷᠢ ᠲᠠᠢ ᠬᠠᠮᠲᠤ ᠬᠡᠷᠤᠵᠦ ᠲᠠᠯᠪᠢᠪᠠ᠃ ᠮᠠᠷᠭᠠᠰᠢ ᠡᠷᠲᠡ ᠪᠣᠰᠬᠤ ᠳᠤ ᠦᠨᠡᠰᠦᠨ ᠣᠪᠣᠭᠠᠨ ᠤ ᠳᠡᠷᠭᠡᠳᠡ ᠬᠤᠶᠠᠷ ᠮᠣᠷᠢ ᠶᠢᠨ ᠨᠢᠭᠡ ᠶᠢ ᠴᠢᠨ᠋ᠸ᠎ᠠ ᠢᠳᠡᠭᠡᠳ ᠨᠢᠭᠡ ᠮᠣᠷᠢ ᠨᠢ ᠲᠡᠭᠦᠨ ᠳᠡᠭᠡᠨ ᠲᠠᠲᠠᠭᠳᠠᠭᠠᠳ ᠪᠠᠶᠢᠵᠠᠢ᠃ ᠣᠴᠢᠵᠤ ᠦᠵᠡᠬᠦ ᠳᠤ ᠲᠡᠭᠦᠨ ᠤ ᠬᠠᠯᠲᠠᠷ ᠮᠣᠷᠢ ᠪᠠᠶᠢᠵᠠᠢ᠂ ᠢᠩᠭᠢᠭᠡᠳ ᠭᠠᠭᠴᠠ ᠮᠣᠷᠢᠨ ᠠᠴᠠ ᠪᠠᠨ ᠰᠠᠯᠵᠤ᠂ ᠪᠠᠷᠤᠭ ᠤᠬᠠᠭᠠᠨ ᠣᠷᠣᠭᠠᠳ ᠲᠡᠷᠢᠭᠦᠨ ᠤᠳᠠᠭ᠎ᠠ ᠨᠢᠯᠪᠤᠰᠤ ᠤᠨᠠᠭᠠᠵᠤ᠂ ᠡᠮᠡᠭᠡᠯ ᠢᠶᠠᠨ ᠡᠭᠦᠷᠴᠦ᠂ ᠪᠠᠰᠠ ᠠᠶᠢᠯ ᠤᠨ ᠬᠥᠮᠥᠰ ᠤᠨ ᠬᠠᠷᠠᠬᠤ ᠠᠴᠠ ᠵᠣᠪᠠᠵᠤ᠂ ᠬᠤᠷᠳᠤᠨ ᠶᠠᠪᠤᠬᠤ ᠪᠠ ᠭᠡᠷ ᠎ ᠲᠡᠭᠡᠨ ᠡᠷᠲᠡ ᠬᠦᠷᠬᠦ ᠠᠴᠠ ᠵᠣᠪᠠᠵᠤ ᠬᠥᠳᠡᠭᠡ ᠰᠠᠭᠤᠵᠤ ᠬᠠᠷᠠᠩᠭᠤᠢ ᠪᠤᠯᠭᠠᠭᠠᠳ ᠭᠡᠷ ᠲᠡᠭᠡᠨ ᠣᠴᠢᠵᠤ ᠪᠠᠶᠢᠭᠰᠠᠨ ᠤᠳᠠᠭ᠎ᠠ ᠪᠤᠢ᠃   ᠬᠡᠳᠦᠨ ᠵᠢᠯ ᠤᠨ ᠳᠠᠷᠠᠭ᠎ᠠ ᠬᠥᠪᠡᠭᠡᠲᠦ ᠰᠢᠷ᠎ᠠ ᠰᠤᠮᠤᠨ ᠤ ᠫᠦᠷᠪᠤ ᠵᠠᠩᠭᠢ ᠶᠢᠨ ᠳᠣᠣᠷ᠎ᠠ ᠣᠴᠢᠵᠤ ᠠᠵᠢᠯ ᠬᠢᠳᠡᠭ ᠪᠣᠯᠪᠠ᠃ ᠲᠤᠰ ᠵᠠᠩᠭᠢ ᠪᠤᠯ ᠬᠠᠯᠬ᠎ᠠ ᠶᠢᠨ ᠰᠠᠩ ᠪᠠᠶᠢᠰᠠ ᠠᠴᠠ ᠢᠷᠡᠬᠦ ᠶᠢᠨ ᠵᠠᠶᠢᠰᠠᠩ ᠴᠣᠯᠠ ᠲᠠᠢ ᠲᠦᠮᠡᠨ ᠬᠤᠨᠢ ᠎ ᠲᠠᠢ᠂ ᠮᠢᠩᠭ᠎ᠠ ᠭᠠᠷᠤᠢ ᠦᠬᠡᠷ ᠲᠠᠢ ᠪᠠᠶᠢᠭᠰᠠᠨ ᠭᠡᠳᠡᠭ᠃ ᠳᠡᠳᠡᠨ ᠤ ᠬᠢ ᠬᠤᠰᠢᠭᠤᠨ ᠤ ᠪᠠᠨ ᠵᠡᠭᠦᠨ ᠬᠤᠶᠢᠲᠤ ᠵᠠᠬ᠎ᠠ ᠪᠠᠷ ᠨᠤᠲᠤᠭᠯᠠᠳᠠᠭ᠂ ᠣᠳᠣ ᠶᠢᠨ ᠪᠠᠶᠠᠨ ᠴᠠᠭᠠᠨ ᠠᠭᠤᠯᠠ᠂ ᠵᠡᠷᠭᠡᠯᠡᠭᠡ᠂ ᠰᠢᠷᠠᠤ᠋ᠰᠤᠨ ᠤ ᠭᠤᠤ᠂ ᠭᠤᠣᠯ ᠎ ᠤᠨ ᠲᠡᠭᠡᠭᠡ᠂ ᠥᠯᠵᠡᠶᠢᠲᠦ᠂ ᠬᠠᠷ᠎ᠠ ᠲᠣᠯᠣᠭᠠᠢ ᠪᠠᠷ᠂ ᠮᠠᠨᠵᠤᠤᠷ ᠵᠠᠯᠠᠶᠢᠨᠠᠭᠤᠷ ᠴᠠᠭᠠᠨ ᠵᠡᠷᠭᠡ ᠬᠤᠲᠠ ᠪᠠᠯᠭᠠᠰᠤᠨ ᠎ ᠳᠤ ᠣᠶᠢᠷᠠᠯᠴᠠᠭ᠎ᠠ ᠨᠤᠲᠤᠭᠯᠠᠳᠠᠭ ᠪᠠᠶᠢᠵᠠᠢ᠃ ᠭᠤᠣᠯᠳᠠᠭᠤ ᠮᠠᠨᠵᠤᠤᠷ᠂ ᠵᠠᠯᠠᠶᠢᠨᠠᠭᠤᠷ ︵ᠬᠢᠶᠠᠭᠲᠤ ᠮᠦᠳᠡᠨ᠎ᠡ︶᠎ ᠢᠶᠠᠷ ᠣᠷᠣᠰ ᠬᠥᠮᠥᠰ ᠲᠠᠢ ᠶᠠᠪᠤᠯᠴᠠᠵᠤ᠂ ᠮᠠᠯ ᠤᠨ ᠠᠷᠠᠯᠵᠢᠶ᠎ᠠ ᠬᠢᠬᠦ ᠪᠥᠭᠡᠳ ᠭᠤᠣᠯ ᠨᠢ ᠡᠪᠡᠳᠴᠢᠲᠡᠢ᠂ ᠳᠣᠭᠤᠯᠠᠩ᠂ ᠨᠢᠰᠤ ᠲᠠᠢ ᠵᠡᠷᠭᠡ ᠥᠨᠳᠥᠷ ᠠᠵᠢᠷᠭ᠎ᠠ ᠭᠡᠭᠦᠦ ᠵᠡᠷᠭᠡ ᠠᠳᠤᠭᠤ᠂ ᠰᠠᠶᠢᠨ ᠡᠭᠦᠯᠳᠡᠷ ᠤᠨ ᠪᠤᠬ᠎ᠠ ᠦᠨᠢᠶ᠎ᠡ ᠵᠡᠷᠭᠡ ᠶᠢ ᠶᠡᠭᠡ ᠬᠢᠮᠳᠠ ᠪᠠᠷ ᠠᠪᠴᠤ ᠥᠪᠡᠷᠲᠡᠭᠡᠨ ᠡᠮᠨᠡᠨ ᠵᠠᠰᠠᠵᠤ᠂ ᠮᠠᠯ ᠪᠣᠯᠭᠠᠳᠠᠭ᠃ ᠲᠡᠭᠦᠰ ᠲᠡᠭᠦᠨ ᠢ ᠬᠠᠪᠰᠤᠷᠴᠤ ᠡᠮᠨᠡᠨ ᠵᠠᠰᠠᠬᠤ᠂ ᠡᠪᠡᠳᠴᠢᠨ ᠲᠠᠢ ᠮᠠᠯ ᠢ ᠨᠢ ᠡᠳ᠋ᠯᠡᠵᠦ ᠥᠭᠬᠦ᠂ ᠰᠡᠭᠦᠯ ᠳᠡᠭᠡᠨ ᠮᠡᠷᠭᠡᠵᠢᠯ ᠢ ᠨᠢ ᠪᠠᠭ᠎ᠠ ᠪᠤᠰᠤ ᠡᠵᠡᠮᠰᠢᠭᠰᠡᠨ ᠎ ᠠᠴᠠ ᠰᠢᠭᠤᠳ ᠵᠠᠰᠠᠳᠠᠭ ᠪᠣᠯᠣᠭᠰᠠᠨ ᠲᠤᠯᠠ ᠫᠦᠷᠪᠤ ᠨᠠᠰᠤᠨ ᠥᠨᠳᠥᠷ ᠪᠣᠯᠵᠤ᠂ ᠠᠵᠢᠯ ᠠᠴᠠ ᠪᠠᠨ ᠰᠤᠯᠠᠯᠠᠭᠳᠠᠵᠤ᠂ ᠭᠤᠣᠯᠳᠠᠭᠤ ᠭᠡᠷ ᠲᠡᠭᠡᠨ ᠪᠠᠶᠢᠳᠠᠭ ᠪᠣᠯᠣᠭᠰᠠᠨ ᠭᠡᠳᠡᠭ᠃ ᠫᠦᠷᠪᠤ ᠳᠤ ᠢᠲᠡᠭᠡᠯᠲᠠᠢ ᠪᠣᠯᠵᠤ᠂ ᠮᠠᠯ ᠤᠨ ᠨᠤᠲᠤᠭ ᠪᠡᠯᠴᠢᠭᠡᠷ ᠢ ᠨᠢ ᠬᠠᠷᠢᠭᠤᠴᠠᠬᠤ᠂ ᠦᠷ᠎ᠡ ᠬᠡᠦᠬᠡᠳ ᠲᠤᠨᠢ ᠬᠠᠪᠰᠤᠷᠴᠤ᠂ ᠮᠥᠨ ᠴᠦ ᠥᠪᠡᠷᠲᠡᠭᠡᠨ ᠣᠷᠣᠰ ᠤᠨ ᠥᠨᠳᠥᠷ ᠠᠳᠤᠭᠤ ︵ᠡᠪᠡᠳᠴᠢᠨ ᠲᠠᠢ︶ ᠠᠪᠴᠤ ᠵᠠᠰᠠᠭᠠᠳ ᠥᠴᠥᠬᠡᠨ ᠪᠣᠯᠪᠠᠴᠤ ᠰᠠᠶᠢᠨ ᠬᠡᠳᠦᠨ ᠠᠳᠤᠭᠤ ᠲᠠᠢ ᠪᠣᠯᠵᠤ᠂ ᠤᠯᠠᠮ ᠢᠶᠠᠷ ᠠᠮᠢᠳᠤᠷᠠᠯ ᠳᠡᠭᠡᠷᠡᠲᠦᠵᠦ ᠢᠷᠠᠵᠠᠢ᠃ ᠫᠦᠷᠪᠤ ᠵᠠᠩᠭᠢ ᠣᠯᠠᠨ ᠨᠡᠷ᠎ᠡ ᠴᠤᠤᠲᠠᠢ ᠭᠦᠶᠦᠳᠡᠭ ᠮᠣᠷᠢ ᠲᠠᠢ᠂ ᠲᠡᠭᠦᠰ ᠲᠡᠳᠡᠭᠡᠷ ᠮᠣᠷᠢ ᠶᠢ ᠤᠶᠠᠵᠤ ᠵᠠᠰᠠᠬᠤ᠂ ᠡᠮᠨᠡᠵᠦ ᠳᠣᠳᠣᠮᠳᠠᠬᠤ᠂ ᠰᠡᠭᠦᠯ ᠳᠡᠭᠡᠨ ᠬᠤᠯᠠ ᠶᠢᠨ ᠠᠯᠢ ᠬᠤᠰᠢᠭᠤ ᠴᠦ ᠮᠠᠭᠠᠳ᠂ ᠪᠠᠶᠠᠨ ᠴᠢᠳᠠᠯᠲᠠᠢ ᠬᠥᠮᠥᠰ ᠭᠦᠶᠦᠳᠡᠭ ᠮᠣᠷᠢ ᠪᠠᠨ ᠠᠪᠴᠢᠷᠠᠵᠤ ᠵᠠᠰᠠᠭᠤᠯᠤᠨ᠎ᠠ᠂ ᠲᠡᠭᠦᠨ ᠢ ᠨᠢ ᠵᠠᠰᠠᠭᠠᠳ ᠥᠭᠪᠡᠯ ᠪᠠᠶᠠᠷᠯᠠᠬᠤ ᠳᠠᠭᠠᠨ ᠨᠢᠭᠡ ᠬᠤᠨᠢ ᠥᠭᠬᠦ ᠪᠤᠶᠤ ᠬᠡᠳᠦᠨ ᠵᠣᠭᠤᠰ ᠦᠭᠭᠦᠨ᠎ᠡ᠃ ᠪᠦᠷ ᠰᠡᠭᠦᠯ ᠳᠡᠭᠡᠨ ᠪᠦᠳᠦᠭᠦᠨ ᠭᠡᠭᠴᠢ ᠡᠷ᠎ᠡ ᠬᠤᠨᠢ ᠶᠢ ᠡᠮᠡᠭᠡᠯ ᠳᠡᠭᠡᠷ᠎ᠡ ᠪᠠᠨ ᠲᠡᠭᠦᠷᠦᠭᠡᠳ᠂ ᠵᠠᠰᠠᠭᠤᠯᠬᠤ ᠮᠣᠷᠢ ᠎ ᠪᠠᠨ ᠬᠥᠲᠥᠯᠥᠭᠡᠳ ᠢᠷᠡᠳᠡᠭ ᠬᠥᠮᠥᠰ ᠣᠯᠠᠨ ᠪᠣᠯᠣᠭᠰᠠᠨ ᠭᠡᠳᠡᠭ᠃ ᠬᠥᠮᠥᠨ ᠠᠴᠠ ᠶᠠᠭᠤᠮ᠎ᠠ ᠠᠪᠤᠨ᠎ᠠ ᠭᠡᠵᠤ ᠬᠡᠯᠡᠵᠦ ᠦᠩᠭᠡᠷᠡᠭᠡ ᠦᠭᠡᠢ᠃   ᠢᠩᠭᠢᠭᠡᠳ ᠨᠢᠭᠡ ᠮᠡᠳᠡᠬᠦ ᠳᠤ ᠬᠤᠯᠠ ᠣᠶᠢᠷ᠎ᠠ ᠳᠠᠭᠠᠨ ᠠᠯᠳᠠᠷ ᠴᠤᠤᠲᠠᠢ᠂ ᠨᠤᠲᠤᠭ ᠰᠠᠶᠢᠨ ᠮᠡᠳᠡᠳᠡᠭ᠂ ᠮᠠᠯ ᠎ ᠤᠨ ᠲᠠᠷᠭᠤ ᠬᠦᠴᠦ ᠰᠠᠶᠢᠨ ᠠᠪᠤᠭᠤᠯᠳᠠᠭ᠂ ᠠᠳᠤᠭᠤ ᠭᠤᠣᠯ ᠲᠠᠢ ᠮᠠᠯ ᠰᠠᠶᠢᠨ ᠵᠠᠰᠠᠳᠠᠭ ᠨᠡᠷ᠎ᠡ ᠲᠠᠢ ᠬᠥᠮᠥᠨ ᠪᠤᠯᠵᠠᠢ᠃   ᠥᠪᠥᠷ ᠮᠣᠩᠭᠤᠯ ᠪᠠᠶᠢᠭᠤᠯᠤᠭᠳᠠᠵᠤ᠂ ᠤᠯᠠᠭᠠᠨᠬᠦᠦ ᠶᠢᠨ ᠪᠠᠶᠠᠨ ᠢ ᠲᠡᠮᠡᠴᠡᠬᠦ ᠦᠭᠡᠢ᠂ ᠬᠤᠪᠢᠶᠠᠬᠤ ᠦᠭᠡᠢ᠂ ᠪᠠᠶᠠᠨ ᠶᠠᠳᠠᠭᠤ ᠳᠤ ᠠᠰᠢᠭᠲᠠᠢ ᠪᠠᠶᠢᠬᠤ ᠲᠥᠷᠥ ᠶᠢᠨ ᠪᠣᠳᠣᠯᠭ᠎ᠠ ᠶᠢᠨ ᠳᠣᠣᠷ᠎ᠠ᠂ ᠬᠥᠪᠡᠭᠡᠲᠤ ᠰᠢᠷ᠎ᠠ ᠨᠤᠲᠤᠭ ᠤᠨ ᠬᠠᠮᠤᠭ ᠤᠨ ᠲᠡᠷᠢᠭᠦᠨ ᠤ ︽ᠪᠠᠶᠠᠨ ᠲᠤᠶᠠᠭ᠎ᠠ︾ ᠬᠥᠷᠰᠢ ᠬᠤᠷᠰᠢᠶ᠎ᠠ ᠪᠠᠶᠢᠭᠤᠯᠤᠭᠳᠠᠬᠤ ᠳᠤ ᠨᠢᠭᠡ ᠭᠡᠰᠢᠭᠦᠨ ᠨᠢ ᠲᠡᠭᠦᠰ ᠪᠠᠶᠢᠯ᠎ᠠ᠃ ᠲᠡᠷᠡ ᠪᠠᠷ ᠬᠥᠷᠰᠢ ᠬᠤᠷᠰᠢᠶ᠎ᠠ ᠶᠢᠨ ᠢᠶᠠᠨ ᠨᠤᠲᠤᠭᠴᠢᠨ ᠪᠣᠯᠪᠠ᠃ ᠲᠤᠰ ᠬᠤᠷᠰᠢᠶ᠎ᠠ ᠶᠢᠨ ᠢᠶᠠᠨ ᠮᠠᠯ ᠰᠦᠷᠦᠭ ᠲᠤ ᠲᠠᠷᠭᠤ ᠶᠠᠭᠠᠬᠢᠵᠤ ᠠᠪᠤᠭᠤᠯᠬᠤ᠂ ᠡᠪᠦᠯ ᠬᠠᠪᠤᠷ ᠶᠠᠭᠠᠬᠢᠵᠤ ᠣᠨᠳᠣᠷᠣᠭᠤᠯᠬᠤ᠂ ᠨᠤᠲᠤᠭ ᠪᠡᠯᠴᠢᠭᠡᠷ ᠢ ᠬᠠᠮᠢᠶᠠᠷᠬᠤ ᠪᠣᠯᠣᠨ᠎ᠠ᠃ ᠪᠠᠰᠠ ᠲᠤᠰᠬᠠᠢ 2 — 3 ᠰᠠᠶᠢᠨ ᠲᠠᠷᠭᠤᠨ ᠮᠣᠷᠢ ᠶᠢᠨ ᠬᠤᠪᠢᠶᠠᠷᠢ ᠣᠯᠳᠠᠭ ᠭᠡᠳᠡᠭ᠃   ᠮᠥᠨ ᠴᠦ ᠤᠳᠠᠯ ᠦᠭᠡᠢ 1958 ᠤᠨ ᠳᠤ ︽ᠠᠷᠠᠳ ᠤᠨ ᠨᠢᠭᠡᠳᠦᠯ︾ ᠪᠠᠶᠢᠭᠤᠯᠤᠭᠳᠠᠬᠤ ᠤᠷᠢᠶᠠᠯᠠᠭ᠎ᠠ ᠶᠢᠨ ᠳᠣᠣᠷ᠎ᠠ᠂ ᠵᠠᠭᠤ ᠭᠠᠷᠤᠢ ᠬᠤᠨᠢ᠂ ᠠᠷᠪᠠᠨ ᠬᠡᠳᠦᠨ ᠦᠬᠡᠷ᠂ ᠠᠷᠪᠠᠭᠠᠳ ᠠᠳᠤᠭᠤ ᠪᠠᠷ ᠨᠢᠭᠡᠳᠦᠯ ᠳᠡᠭᠡᠨ ᠬᠤᠪᠢ ᠣᠷᠣᠵᠤ᠂ ᠨᠢᠭᠡᠳᠦᠯ ᠤᠨ ᠭᠡᠰᠢᠭᠦᠨ ᠪᠣᠯᠪᠠ᠃ ᠲᠤᠰ ᠨᠢᠭᠡᠳᠦᠯ ᠨᠢ ︽ᠭᠠᠯᠪᠠᠷ ᠠᠭᠤᠯᠠ ᠠᠷᠠᠳ ᠤᠨ ᠨᠢᠭᠡᠳᠦᠯ︾ ᠭᠡᠳᠡᠭ᠃ ᠤᠤᠯ ᠤᠨ ᠭᠠᠯᠪᠡᠷ ᠰᠤᠮᠤ ᠪᠣᠯᠣᠨ᠎ᠠ᠃ ᠨᠢᠭᠡᠳᠦᠯ ᠤᠳ ᠢ ᠪᠠᠶᠢᠭᠤᠯᠬᠤ ᠳᠠᠭᠠᠨ ᠠᠶᠢᠯ ᠡᠷᠦᠬᠡ ᠶᠢᠨ ᠲᠤᠭ᠎ᠠ ᠶᠢ ᠲᠡᠩᠴᠡᠭᠦᠦ ᠪᠠᠶᠢᠬᠤ ᠶᠢ ᠵᠤᠷᠢᠵᠤ᠂ ᠤᠤᠯ ᠤᠨ ᠬᠦᠪᠡᠭᠡᠲᠦ ᠴᠠᠭᠠᠨ ᠬᠤᠰᠢᠭᠤᠨ ᠤ ᠪᠠᠷᠤᠭ ᠨᠢ ᠮᠣᠩᠭᠤᠯ ᠤᠯᠤᠰ ᠲᠤ ᠨᠡᠭᠦᠵᠦ ᠶᠠᠪᠤᠭᠰᠠᠨ ᠲᠤᠯᠠ ᠠᠶᠢᠯ ᠨᠢ ᠲᠤᠶᠢᠯ ᠤᠨ ᠴᠥᠭᠡᠨ ᠪᠤᠯᠬᠤᠷ ᠲᠡᠳᠡᠨ ᠤ ᠨᠤᠲᠤᠭ ᠤᠨ ᠣᠶᠢᠷ᠎ᠠ ᠬᠠᠪᠢ ᠳᠤ ᠨᠤᠲᠤᠭᠯᠠᠳᠠᠭ ᠥᠭᠡᠷ᠎ᠡ ᠬᠤᠰᠢᠭᠤᠨ ᠤ ᠨᠢᠭᠡ ᠬᠡᠰᠡᠭ ᠠᠶᠢᠯ ᠡᠷᠦᠬᠡ ᠶᠢ ᠰᠢᠯᠵᠢᠭᠦᠯᠦᠭᠰᠡᠨ ᠶᠤᠮ᠃ ᠤᠤᠯ ᠤᠨ ᠬᠦᠪᠡᠭᠡᠲᠦ ᠰᠢᠷ᠎ᠠ ᠬᠤᠰᠢᠭᠤ ᠪᠣᠯ ᠶᠡᠭᠡ ᠰᠤᠮᠤ ᠲᠤᠯᠠ ᠨᠢᠭᠡ ᠬᠡᠰᠡᠭ ᠢ ᠨᠢ ᠭᠠᠯᠪᠠᠷ ᠰᠤᠮᠤᠨ ᠳᠤ ᠬᠤᠪᠢᠶᠠᠵᠤ᠂ ᠨᠢᠭᠡ ᠬᠡᠰᠡᠭ ᠢ ᠨᠢ ᠠᠮᠤᠭᠤᠯᠠᠩ ᠪᠤᠯᠠᠭ ᠰᠤᠮᠤᠨ ᠳᠤ ᠬᠤᠪᠢᠶᠠᠭᠰᠠᠨ ᠭᠡᠳᠡᠭ᠃ ᠲᠡᠳᠡᠨ ᠢ ᠵᠠᠮᠪᠠᠨᠠᠷ ᠬᠦᠪᠡᠭᠡᠲᠦ ᠰᠢᠷ᠎ᠠ ᠭᠡᠵᠡᠢ᠃   ᠭᠠᠯᠪᠠᠷ ᠠᠭᠤᠯᠠ ᠠᠷᠠᠳ ᠤᠨ ᠨᠢᠭᠡᠳᠦᠯ ᠪᠠᠶᠢᠭᠤᠯᠤᠭᠳᠠᠭᠠᠳ ᠭᠤᠷᠪᠠᠨ ᠶᠡᠭᠡ ᠪᠠᠷᠢᠭᠠᠳᠠ ᠲᠠᠢ᠂ ᠲᠡᠭᠦᠰ ᠤᠨ ᠬᠢ ᠭᠠᠯᠪᠠᠷ ᠠᠭᠤᠯᠠ ᠪᠠᠷᠢᠭᠠᠳᠠ ᠳᠤ ᠬᠤᠪᠢᠶᠠᠭᠳᠠᠭᠰᠠᠨ ᠪᠠᠶᠢᠨ᠎ᠠ᠃ ᠲᠡᠭᠦᠰ ᠮᠥᠨ ᠪᠠᠷᠢᠭᠠᠳᠠ ᠶᠢᠨ ᠨᠤᠲᠤᠭᠴᠢᠨ ᠪᠣᠯᠪᠠ᠃ ᠬᠠᠮᠤᠭ ᠤᠨ ᠲᠡᠷᠢᠭᠦᠨ ᠤ ᠨᠢᠭᠡᠳᠦᠯ ᠤᠨ ᠲᠥᠯᠥᠭᠡᠯᠡᠭᠴᠢ ᠪᠠᠷ ᠰᠣᠩᠭᠤᠭᠳᠠᠪᠠ᠃ ᠢᠩᠭᠢᠭᠡᠳ ᠬᠤᠰᠢᠭᠤᠨ ᠎ ᠤ ᠲᠥᠯᠥᠭᠡᠯᠡᠭᠴᠢ ᠶᠢᠨ ᠬᠤᠷᠠᠯ ᠳᠤ ᠣᠷᠣᠯᠴᠠᠵᠤ᠂ ᠣᠷᠣᠨ ᠤ ᠲᠥᠯᠥᠭᠡᠯᠡᠭᠴᠢ ᠪᠠᠷ ᠰᠣᠩᠭᠤᠭᠳᠠᠪᠠ᠃ ᠲᠠᠪᠢᠨ ᠬᠡᠳᠦᠨ ᠣᠨ ᠳᠤ ᠣᠷᠣᠨ ᠤ ᠲᠥᠯᠥᠭᠡᠯᠡᠭᠴᠢ ᠶᠢᠨ ᠬᠤᠷᠠᠯ ᠳᠤ ᠣᠯᠠᠨ ᠤᠳᠠᠭ᠎ᠠ ᠣᠷᠣᠯᠴᠠᠵᠤ᠂ ᠤᠯᠠᠭᠠᠨᠬᠦᠦ ᠲᠡᠷᠢᠭᠦᠯᠡᠭᠴᠢ᠂ ᠬᠠᠹᠤᠩᠭ᠎ᠠ ᠳᠡᠳ᠋ ᠲᠡᠷᠢᠭᠦᠯᠡᠭᠴᠢ ᠨᠠᠷ ᠲᠠᠢ ᠠᠭᠤᠯᠵᠠᠭᠰᠠᠨ ᠪᠠᠶᠢᠨ᠎ᠠ᠃ ᠮᠥᠨ ᠲᠥᠯᠥᠭᠡᠯᠡᠭᠴᠢ ᠨᠠᠷ ᠎ ᠲᠠᠢ ᠬᠠᠮᠲᠤ ᠪᠡᠭᠡᠵᠢᠩ᠂ ᠲᠢᠶᠠᠨᠵᠢᠨ᠂ ᠬᠠᠷᠪᠢᠨ᠂ ᠬᠥᠬᠡᠬᠤᠲᠠ ᠵᠡᠷᠭᠡ ᠭᠠᠵᠠᠷ ᠢᠶᠠᠷ ᠣᠯᠠᠨ ᠤᠳᠠᠭ᠎ᠠ ᠲᠣᠭᠤᠷᠢᠨ ᠦᠵᠡᠵᠡᠢ᠃   ᠲᠠᠪᠢᠨ ᠬᠡᠳᠦᠨ ᠣᠨ ᠳᠤ ᠬᠥᠬᠡᠨᠠᠭᠤᠷ ᠮᠤᠵᠢ ᠶᠢᠨ ᠲᠥᠯᠥᠭᠡᠯᠡᠭᠴᠢ ᠶᠢᠨ ᠪᠦᠯᠬᠦᠮ ᠮᠠᠨ ᠤ ᠬᠤᠰᠢᠭᠤᠨ ᠳᠤ ᠲᠣᠭᠤᠷᠢᠨ ᠦᠵᠡᠬᠦ ᠪᠣᠯᠣᠭᠰᠠᠨ ᠳᠤ ᠰᠢᠨᠡᠪᠤᠯᠠᠭ ᠰᠤᠮᠤᠨ ᠤ ᠳᠤᠭᠠᠷ ᠲᠥᠯᠥᠭᠡᠯᠡᠭᠴᠢ ᠲᠠᠢ ᠬᠠᠮᠲᠤ᠂ ᠲᠤᠬᠠᠢ ᠶᠢᠨ ᠦᠶ᠎ᠡ ᠶᠢᠨ ᠠᠩᠬᠠᠨ ᠤ ᠬᠤᠰᠢᠭᠤᠨ ᠳᠠᠷᠤᠭ᠎ᠠ ᠫᠤᠩᠴᠤᠭᠳᠠᠰᠢ ᠭᠤᠸᠠᠢ ᠠᠴᠠ  ︽ᠲᠠ ᠬᠤᠶᠠᠷ ᠲᠥᠯᠥᠭᠡᠯᠡᠭᠴᠢ ᠪᠣᠯ ᠣᠷᠣᠨ ᠢᠶᠠᠨ ᠲᠥᠯᠥᠭᠡᠯᠡᠵᠦ ᠪᠠᠶᠢᠬᠤ ᠪᠥᠭᠡᠳ ᠣᠷᠣᠨ ᠤ ᠳᠡᠰ ᠤᠨ ᠲᠥᠯᠥᠭᠡᠯᠡᠭᠴᠢ ᠶᠢᠨ ᠬᠤᠪᠢ ᠪᠠᠷ ᠬᠥᠬᠡᠨᠠᠭᠤᠷ ᠮᠤᠵᠢ ᠶᠢᠨ ᠲᠥᠯᠥᠭᠡᠯᠡᠭᠴᠢ ᠶᠢᠨ ᠪᠦᠯᠬᠦᠮ ᠢ ᠲᠣᠰᠣᠨ ᠶᠠᠪᠤᠵᠤ ᠪᠠᠶᠢᠨ᠎ᠠ ᠰᠢᠦ︾ ᠭᠡᠵᠡᠢ᠃ ᠣᠴᠢᠭᠰᠠᠨ ᠭᠠᠵᠠᠷ ᠨᠢ ᠤᠤᠯ ᠤᠨ ᠭᠠᠯᠪᠠᠷ ᠰᠤᠮᠤᠨ ᠤ ᠨᠤᠲᠤᠭ ᠲᠤ ᠪᠠᠶᠢᠭ᠎ᠠ ᠭᠤᠣᠯ ᠤᠨ ᠲᠡᠭᠡᠭᠡ ᠶᠢᠨ ᠡᠮᠦᠨ᠎ᠡ᠂ ᠣᠯᠠᠨ ᠠᠷᠪᠢᠨ ᠮᠣᠩᠭᠤᠯ ᠭᠡᠷ ᠪᠠᠷᠢᠵᠤ᠂ ᠲᠡᠷᠢᠭᠦᠯᠡᠭᠴᠢ ᠶᠢᠨ ᠲᠠᠶᠢᠰᠠ ᠪᠣᠰᠬᠠᠵᠤ᠂ ᠲᠤᠭ ᠳᠠᠯᠪᠠᠭ᠎ᠠ ᠨᠠᠮᠢᠷᠠᠭᠤᠯᠤᠨ ᠶᠡᠭᠡ ᠶᠠᠪᠤᠳᠠᠯ ᠪᠣᠯᠣᠭᠰᠠᠨ ᠭᠡᠳᠡᠭ᠃ ᠢᠩᠭᠢᠭᠡᠳ ᠲᠡᠭᠦᠰ ᠲᠥᠯᠥᠭᠡᠯᠡᠭᠴᠢ ᠭᠡᠳᠡᠭ ᠴᠣᠯᠠ ᠲᠠᠢ ᠪᠣᠯᠵᠤ᠂ ᠬᠤᠶᠢᠰᠢᠳᠠ ᠬᠥᠮᠥᠰ ᠲᠡ᠊ ᠲᠥᠯᠥᠭᠡᠯᠡᠭᠴᠢ ᠭᠡᠵᠤ ᠳᠠᠭᠤᠳᠠᠳᠠᠭ ᠪᠤᠯᠵᠠᠢ᠃   ᠪᠠᠷᠢᠭᠠᠳᠠ ᠶᠢᠨ ᠨᠤᠲᠤᠭᠴᠢᠨ᠂ ᠨᠢᠭᠡᠳᠦᠯ ᠤᠨ ᠨᠤᠲᠤᠭᠴᠢᠨ ᠵᠡᠷᠭᠡ ᠠᠵᠢᠯ ᠲᠠᠢ᠂ ᠭᠤᠣᠯᠳᠠᠭᠤ ᠬᠤᠨᠢᠨ ᠰᠦᠷᠦᠭ᠂ ᠦᠬᠡᠷ ᠤᠨ ᠰᠦᠷᠦᠭ ᠢᠶᠠᠷ ᠶᠠᠪᠤᠳᠠᠭ ᠠᠶᠢᠯ ᠪᠣᠯᠵᠡᠢ᠃ 1961 —1962 ᠣᠨ ᠤ ᠦᠶ᠎ᠡ ᠪᠠᠷ ᠳ᠋ᠠᠷᠬᠢ ᠭᠡᠳᠡᠭ ᠨᠥᠬᠦᠷ ᠲᠠᠢ ᠪᠠᠨ ᠬᠤᠶᠠᠭᠤᠯᠠ ᠪᠠᠨ ᠲᠠᠷᠭᠤ ᠠᠪᠤᠭᠤᠯᠤᠭᠰᠠᠨ ᠬᠤᠨᠢᠨ ᠰᠦᠷᠦᠭ ᠨᠢ ᠪᠦᠬᠦ ᠬᠤᠰᠢᠭᠤᠨ ᠤ ᠨᠠᠮᠤᠷ ᠤᠨ ᠤᠯᠠᠷᠢᠯ ᠤᠨ ᠮᠠᠯ ᠤᠨ ᠲᠠᠷᠭᠤ ᠶᠢᠨ ᠪᠠᠶᠢᠴᠠᠭᠠᠯᠲᠠ ᠳᠤ ᠠᠷᠪᠠᠨ ᠪᠦᠬᠦᠯᠢ ᠬᠤᠪᠢ ᠣᠯᠣᠭᠰᠠᠨ ᠭᠡᠳᠡᠭ᠃ ᠡᠶᠢᠮᠦ ᠪᠠᠶᠢᠳᠠᠯ ᠪᠦᠬᠦ ᠬᠤᠰᠢᠭᠤᠨ ᠳᠤ ᠲᠣᠩ ᠴᠥᠭᠡᠨ ᠪᠦᠭᠡᠳ ᠲᠤᠬᠠᠢ ᠶᠢᠨ ᠦᠶ᠎ᠡ ᠳᠤ ᠪᠠᠷᠤᠭ ᠦᠭᠡᠢ ᠪᠠᠶᠢᠭᠰᠠᠨ ᠭᠡᠵᠤ ᠬᠡᠯᠡᠯᠴᠡᠳᠡᠭ᠃ ᠮᠥᠨ ᠴᠦ 1963 ᠣᠨ ᠤ ᠦᠶ᠎ᠡ ᠪᠠᠷ ᠭᠠᠯᠪᠠᠷ ᠨᠢᠭᠡᠳᠦᠯ ᠤᠨ ᠭᠤᠷᠪᠠᠨ ᠪᠠᠷᠢᠭᠠᠳᠠ ᠶᠢᠨ ᠠᠳᠤᠭᠤᠨ ᠰᠦᠷᠦᠭ ᠲᠤ ᠬᠠᠯᠳᠠᠪᠤᠷᠢᠲᠤ ᠡᠪᠡᠳᠴᠢᠨ ︵ᠰᠦᠳᠤᠷᠭᠡ︶ ᠭᠠᠷᠴᠤ ᠬᠡᠳᠦᠨ ᠵᠠᠭᠤᠨ ᠠᠳᠤᠭᠤᠨ ᠤ ᠬᠥᠯ ᠳᠤᠨᠢ ᠶᠠᠷ᠎ᠠ ᠭᠠᠷᠴᠤ ᠳᠣᠭᠤᠯᠠᠩ ᠪᠣᠯᠣᠭᠰᠠᠨ ᠲᠤᠯᠠ ᠨᠢᠭᠡᠳᠦᠯ ᠠᠴᠠ ᠠᠷᠭ᠎ᠠ ᠠᠪᠴᠤ᠂ ᠠᠰᠲᠠᠭᠠᠨ ᠢᠯᠭᠠᠵᠤ ᠲᠡᠷᠡ ᠦᠶ᠎ᠡ ᠶᠢᠨ ᠶᠡᠬᠡᠨ᠋ᠠᠭᠤᠯᠨ ᠪᠠᠷᠢᠭᠠᠳᠠ ᠶᠢᠨ ᠲᠥᠪ ᠪᠠᠭ᠎ᠠ ᠠᠭᠤᠯᠠ ᠳᠤ ᠲᠤᠰᠬᠠᠢ ᠵᠠᠰᠠᠯᠭ᠎ᠠ ᠬᠢᠯ᠎ᠡ᠃ ᠨᠢᠭᠡᠳᠦᠯ ᠤᠨ ᠮᠠᠯ ᠤᠨ ᠡᠮᠴᠢ ᠪᠠ ᠲᠡᠭᠦᠰ ᠢ ᠠᠪᠠᠴᠢᠵᠤ ᠵᠠᠰᠠᠯᠭ᠎ᠠ ᠬᠢᠯᠭᠡᠪᠡ᠃ ᠬᠠᠪᠤᠷ ᠠᠴᠠ ᠡᠪᠦᠯ ᠪᠣᠯᠲᠠᠯ᠎ᠠ ᠵᠠᠰᠠᠯᠭ᠎ᠠ ᠬᠢᠭᠡᠳ ᠬᠡᠳᠦᠨ ᠵᠠᠭᠤᠨ ᠠᠳᠤᠭᠤ ᠶᠢ ᠪᠦᠬᠦᠨ ᠢ ᠡᠳᠡᠭᠡᠭᠡᠵᠦ ᠴᠢᠳᠠᠵᠠᠢ᠃ ᠮᠠᠯ ᠤᠨ ᠡᠮᠴᠢ ᠶᠢᠨ ᠵᠠᠰᠠᠯᠭ᠎ᠠ ᠠᠴᠠ ᠲᠡᠭᠦᠰ ᠤᠨ ᠨᠤᠲᠤᠭ ᠤᠨ ᠵᠠᠰᠠᠯᠭ᠎ᠠ ᠨᠢ ᠢᠯᠡᠭᠦᠳᠡᠵᠦ᠂ ᠲᠡᠭᠦᠨ ᠤ ᠵᠠᠰᠠᠬᠤ ᠠᠷᠭ᠎ᠠ ᠪᠣᠯ ᠬᠠᠳᠬᠤᠵᠤ ᠴᠢᠰᠤ ᠭᠠᠷᠭᠠᠬᠤ᠂ ᠡᠯ᠎ᠡ ᠲᠥᠷᠥᠯ ᠢᠶᠠᠷ ᠬᠠᠭᠠᠷᠢᠵᠤ ᠪᠣᠭᠤᠬᠤ᠂ ᠵᠢᠩ ᠲᠠᠯᠪᠢᠬᠤ᠂ ᠤᠷᠤᠰᠬᠠᠯ ᠤᠰᠤᠨ ᠎ ᠳᠤ ᠤᠶᠠᠬᠤ ᠵᠡᠷᠭᠡ ᠣᠯᠠᠨ ᠲᠠᠯ᠎ᠠ ᠪᠠᠷ ᠠᠷᠭ᠎ᠠ ᠠᠪᠤᠭᠰᠠᠨ ᠭᠡᠳᠡᠭ᠃ ᠮᠥᠨ ᠴᠦ ᠨᠢᠭᠡᠳᠦᠯ ᠪᠤᠶᠤ ᠬᠤᠰᠢᠭᠤ ᠠᠴᠠ ᠠᠳᠤᠭᠤᠨ ᠤ ᠡᠪᠡᠳᠴᠢᠨ ᠵᠠᠰᠠᠭᠤᠯᠬᠤ ᠬᠥᠮᠥᠰ ᠲᠡᠷᠡ ᠠᠶᠢᠯ ᠠᠴᠠ ᠰᠠᠯᠬᠤ ᠪᠠᠨ ᠪᠣᠯᠢᠭᠰᠠᠨ ᠭᠡᠳᠡᠭ᠃   ᠮᠠᠯ ᠢᠶᠠᠨ ᠮᠠᠯᠵᠢᠨ ᠠᠮᠤᠷ ᠲᠠᠶᠢᠪᠤᠩ ᠠᠮᠢᠳᠤᠷᠠᠵᠤ ᠪᠠᠶᠢᠭ᠎ᠠ ᠦᠶ᠎ᠡ ᠳᠤ᠂ ᠳᠠᠷᠤᠢ 1964 ᠣᠨ ᠳᠤ ᠪᠦᠬᠦ ᠤᠯᠤᠰ ᠤᠨ ᠬᠥᠳᠡᠯᠭᠡᠭᠡᠨ ᠪᠣᠯᠬᠤ    ︽ᠳᠥᠷᠪᠡ ᠶᠢ ᠴᠡᠪᠡᠷᠯᠡᠬᠦ︾ ᠠᠵᠢᠯᠯᠠᠬᠤ ᠳᠤᠭᠤᠶᠢᠯᠠᠩ ᠭᠠᠯᠪᠠᠷ ᠰᠤᠮᠤᠨ ᠳᠤ ᠢᠷᠠᠵᠤ᠂ ︽ᠠᠰᠠᠷ ᠲᠤ ᠭᠠᠷᠭᠠᠬᠤ︾᠂ ︽ᠠᠰᠠᠷ ᠠᠴᠠ ᠪᠠᠭᠤᠯᠭᠠᠬᠤ︾᠂     ︽ᠠᠩᠭᠢ ᠢᠯᠭᠠᠬᠤ︾᠂ ︽ᠠᠩᠭᠢ ᠶᠢᠨ ᠵᠠᠭᠠᠭ ᠢᠯᠭᠠᠬᠤ︾ ᠵᠡᠷᠭᠡ ᠪᠠᠷ ᠶᠠᠪᠤᠭᠳᠠᠪᠠ᠃ ᠲᠡᠭᠦᠰ ᠴᠦ ᠬᠥᠳᠡᠯᠭᠡᠭᠡᠨ ᠳᠤ ᠳᠠᠭᠠᠷᠢᠭᠳᠠᠵᠤ ︽ᠠᠰᠠᠷ ᠲᠤ ᠭᠠᠷᠪᠠ︾᠃ ᠪᠠᠶᠠᠴᠤᠤᠯ ᠳᠤ ᠬᠡᠳᠦᠨ ᠬᠡᠦᠬᠡᠳ ᠢᠶᠠᠨ ᠦᠷᠡᠴᠢᠯᠡᠭᠦᠯᠵᠦ ᠥᠭᠭᠦᠭᠰᠡᠨ᠂ ᠪᠠᠶᠠᠴᠤᠤᠯ ᠳᠤ ᠠᠵᠢᠯ ᠰᠠᠶᠢᠨ ᠬᠢᠵᠦ ᠲᠡᠳᠡᠨ ᠤ ᠢᠲᠡᠭᠡᠯ ᠢ ᠶᠡᠭᠡ ᠣᠯᠣᠭᠰᠠᠨ᠂ ᠳᠠᠩ ᠭᠠᠭᠴᠠ ᠮᠠᠯᠵᠢᠯ ᠢ ᠬᠥᠭᠡᠭᠡᠴᠡᠯᠳᠦᠵᠦ᠂ ᠣᠯᠠᠨ ᠲᠠᠯ᠎ᠠ ᠶᠢᠨ ᠲᠥᠯᠥᠭᠡᠯᠡᠭᠴᠢ ᠪᠠᠶᠢᠲᠠᠯ᠎ᠠ ᠪᠠᠨ ᠨᠢᠭᠡ ᠤᠳᠠᠭ᠎ᠠ ᠴᠦ ᠡᠪ ᠬᠠᠮᠲᠤ ᠨᠠᠮ ᠳᠤ ᠣᠷᠣᠬᠤ ᠪᠠᠷ ᠭᠤᠶᠤᠴᠢᠯᠠᠭ᠎ᠠ ᠦᠭᠡᠢ᠂ ᠤᠯᠤᠰ ᠲᠥᠷᠥ ᠶᠢ ᠨᠢᠭᠡ ᠴᠦ ᠮᠡᠳᠡᠬᠦ ᠦᠭᠡᠢ ᠭᠡᠬᠦ ᠵᠡᠷᠭᠡ ᠪᠠᠷ ᠬᠤᠶᠢᠰᠢᠳᠠ ᠪᠠᠨ ᠤᠯᠠᠮ ᠨᠠᠷᠢᠯᠢᠭ ᠪᠠᠶᠢᠴᠠᠭᠠᠨ ᠰᠤᠳᠤᠯᠤᠯᠲᠠ ᠬᠢᠨ᠎ᠡ ᠭᠡᠰᠡᠨ ᠳ᠋ᠦᠩ ᠣᠯᠪᠠ᠃ ᠠᠩᠭᠢ ᠶᠢᠨ ᠵᠠᠭᠠᠭ ᠢᠯᠭᠠᠬᠤ ᠦᠶ᠎ᠡ ᠳᠤ᠂ ᠭᠠᠳᠠᠭᠰᠢ ᠣᠯᠠᠨ ᠤᠳᠠᠭ᠎ᠠ ᠶᠠᠪᠤᠵᠤ ᠪᠠᠶᠢᠴᠠᠭᠠᠭᠰᠠᠨ ᠳ᠋ᠦᠩ ᠳᠤ ᠪᠠᠶᠠᠴᠤᠤᠯ ᠳᠤ ᠬᠡᠳᠦᠨ ᠬᠡᠦᠬᠡᠳ ᠢᠶᠠᠨ ᠦᠷᠡᠴᠢᠯᠡᠭᠦᠯᠵᠦ ᠥᠭᠬᠦ ᠨᠡᠷ᠎ᠡ ᠪᠠᠷ ᠮᠠᠯ ᠰᠦᠷᠦᠭ ᠰᠠᠯᠭᠠᠵᠤ ᠠᠪᠬᠤ᠂ ᠡᠨᠡ ᠨᠢ ᠬᠡᠦᠬᠡᠳ ᠢᠶᠠᠨ ᠬᠤᠳᠠᠯᠳᠤᠭᠰᠠᠨ ᠎ ᠲᠠᠢ ᠠᠳᠠᠯᠢ᠃ ᠬᠥᠷᠥᠩᠭᠡ ᠮᠠᠯ ᠦᠭᠡᠢ ᠪᠠᠶᠢᠭᠠᠳ ᠬᠡᠨ ᠠᠴᠠ ᠴᠦ ᠳᠤᠲᠠᠬᠤ ᠦᠭᠡᠢ ᠠᠮᠢᠳᠤᠷᠠᠵᠤ᠂ ᠬᠡᠦᠬᠡᠳ ᠢᠶᠠᠨ ᠪᠦᠷ ᠭᠠᠳᠠᠭᠰᠢ ᠰᠤᠷᠤᠯᠴᠠᠭᠤᠯᠵᠤ᠂ ᠠᠵᠢᠯᠯᠠᠭᠤᠯᠵᠤ ᠴᠢᠳᠠᠳᠠᠭ᠂ ᠡᠶᠢᠮᠦ ᠠᠴᠠ ᠠᠳᠠᠯ ᠬᠥᠷᠥᠩᠭᠡ ᠪᠠᠨ ᠪᠠᠷᠠᠭᠰᠠᠨ ᠪᠠᠶᠠᠨ ᠲᠠᠷᠢᠶᠠᠴᠢᠨ ᠭᠡᠰᠡᠨ ᠵᠤᠷᠪᠤᠰ ᠲᠤ ᠪᠠᠭᠲᠠᠨ᠎ᠠ᠃ ᠭᠡᠪᠡᠴᠦ ᠮᠠᠯᠵᠢᠬᠤ ᠣᠷᠣᠨ ᠳᠤ ᠡᠶᠢᠮᠦ ᠵᠤᠷᠪᠤᠰ ᠦᠭᠡᠢ ᠲᠤᠯᠠ ᠲᠡᠭᠦᠰ ᠢ ᠲᠦᠷ ᠠᠩᠭᠢ ᠬᠤᠪᠢᠶᠠᠬᠤ ᠦᠭᠡᠢ ᠭᠡᠵᠤ ᠵᠠᠷᠯᠠᠪᠠ᠃ ᠡᠨᠡ ᠨᠢ ᠪᠦᠬᠦ ᠭᠠᠯᠪᠠᠷ ᠲᠤ ᠭᠠᠭᠴᠠ ᠲᠡᠷᠡ ᠠᠶᠢᠯ ᠪᠠᠶᠢᠯ᠎ᠠ᠃ ᠵᠠᠯᠭᠠᠭᠠᠳ ︽ᠰᠣᠶᠣᠯ ᠤᠨ ᠬᠤᠪᠢᠰᠬᠠᠯ︾ ᠪᠣᠯᠵᠤ᠂ ᠮᠥᠨ ᠴᠦ ︽ᠥᠪᠥᠷ ᠠᠷᠠᠳ ᠤᠨ ᠨᠠᠮ︾ ᠎ ᠢ ᠮᠠᠯᠲᠠᠵᠤ ᠡᠬᠢᠯᠡᠪᠡ᠃ ᠬᠥᠳᠡᠯᠭᠡᠭᠡᠨ ᠪᠦᠬᠦᠨ ᠳᠤ ᠲᠠᠭᠠᠷᠢᠭᠳᠠᠵᠤ᠂ ᠠᠳᠠᠯ ᠬᠥᠷᠥᠩᠭᠡ ᠪᠠᠨ ᠪᠠᠷᠠᠭᠰᠠᠨ ᠪᠠᠶᠠᠨ᠂ ᠤᠯᠠᠭᠠᠨᠬᠦᠦ ᠶᠢᠨ ᠪᠦᠳᠦᠭᠦᠨ ᠭᠤᠶᠠᠨ ᠠᠴᠠ ᠵᠢᠭᠤᠷᠠᠭᠰᠠᠨ ᠹᠸᠤᠳᠠᠯ᠂ ᠬᠥᠮᠥᠨ ᠮᠠᠯ ᠢ ᠬᠠᠮᠲᠤ ᠳᠤᠨᠢ ᠬᠥᠭᠵᠢᠭᠦᠯᠦᠭᠰᠡᠨ ᠲᠥᠯᠥᠭᠡᠯᠡᠭᠴᠢ᠂ ᠥᠪᠥᠷ ᠠᠷᠠᠳ ᠤᠨ ᠨᠠᠮᠲᠠᠨ᠂ ᠬᠥᠷᠥᠩᠭᠡᠲᠦ ᠠᠩᠭᠢ ᠶᠢᠨ ᠲᠥᠯᠥᠭᠡᠨ ᠤ ᠬᠥᠮᠥᠨ᠂ ᠲᠡᠦᠬᠡ ᠶᠢ ᠤᠬᠤᠷᠢᠭᠤᠯᠤᠭᠴᠢ᠂ ᠲᠡᠦᠬᠡᠴᠢ᠂ ᠦᠯᠢᠭᠡᠷᠴᠢ ᠵᠡᠷᠭᠡ ᠣᠯᠠᠨ ᠠᠷᠪᠢᠨ ᠮᠠᠯᠠᠭᠠᠢ ᠵᠡᠭᠦᠵᠦ ᠮᠣᠩᠭᠤᠯ ᠭᠡᠷ ᠢᠶᠠᠨ ᠬᠤᠷᠢᠶᠠᠭᠳᠠᠵᠤ᠂ ᠥᠪᠡᠷᠲᠡᠭᠡᠨ ᠦᠬᠡᠷ ᠤᠨ ᠬᠡᠬᠡᠯᠲᠦᠭᠦᠯᠭᠡ᠂ ᠪᠣᠷᠳᠤᠭ᠎ᠠ ᠬᠠᠳᠤᠯᠠᠩ ᠵᠡᠷᠭᠡ ᠣᠯᠠᠨ ᠨᠡᠶᠢᠲᠡ ᠶᠢᠨ ᠠᠵᠢᠯ ᠳᠤ ᠣᠷᠣᠯᠴᠠᠵᠤ ᠦᠷᠭᠦᠯᠵᠢ ᠲᠡᠮᠡᠴᠡᠭᠳᠡᠵᠦ ᠶᠠᠪᠤᠵᠠᠢ᠃   ᠰᠡᠭᠦᠯ ᠳᠤᠨᠢ ᠲᠥᠷᠥ ᠶᠢᠨ ᠪᠣᠳᠣᠯᠭ᠎ᠠ ᠶᠢᠨ ᠰᠠᠶᠢᠨ ᠢᠶᠠᠷ ᠬᠥᠮᠥᠨ ᠪᠣᠯᠵᠤ᠂ ᠥᠲᠡᠯᠦᠭᠡ ᠨᠠᠰᠤᠨ ᠳᠠᠭᠠᠨ ᠰᠠᠶᠢᠨ ᠡᠭᠦᠯᠳᠡᠷ ᠤᠨ ᠬᠤᠴᠠ ᠶᠢ ᠬᠠᠷᠢᠭᠤᠯᠵᠤ᠂ ᠵᠠᠯᠭᠠᠭᠠᠳ ᠪᠠᠷᠢᠭᠠᠳᠠ ᠶᠢᠨ ᠰᠠᠶᠢᠨ ᠡᠭᠦᠯᠳᠡᠷ ᠤᠨ ᠠᠵᠢᠷᠭ᠎ᠠ ᠬᠠᠷᠠᠵᠤ ᠡᠳ᠋ᠯᠡᠭᠰᠡᠭᠡᠷ᠂ ᠨᠢᠭᠡ ᠪᠡᠶ᠎ᠡ ᠡᠪᠡᠳᠴᠢᠨ ᠬᠠᠭᠤᠴᠢᠨ ᠲᠠᠢ᠂ ᠰᠦᠨᠢᠵᠢᠨ ᠬᠠᠨᠢᠶᠠᠯᠭᠠᠵᠤ᠂ ᠴᠢᠰᠤ ᠲᠠᠢ ᠴᠡᠷ ᠭᠠᠷᠳᠠᠭ᠃   1979 ᠣᠨ ᠳᠤ᠂ ᠣᠳᠬᠤᠨ ᠬᠦᠦ ᠨᠢ ᠣᠳᠣ ᠶᠢᠨ ᠠᠮᠤᠭᠤᠯᠠᠩ ᠪᠠᠯᠭᠠᠰᠤᠨ ᠳᠤ ᠠᠵᠢᠯ ᠲᠠᠢ ᠪᠣᠯᠵᠤ᠂ ᠰᠢᠨ᠎ᠡ ᠭᠡᠷ ᠪᠦᠯᠢ ᠪᠠᠶᠢᠭᠤᠯᠤᠭᠰᠠᠨ ᠪᠣᠯᠬᠤᠷ ᠡᠴᠢᠭᠡ ᠡᠬᠡ ᠪᠠᠨ ᠠᠵᠢᠯ ᠠᠴᠠ ᠰᠠᠯᠭᠠᠵᠤ᠂ ᠠᠮᠤᠷ ᠵᠢᠷᠭᠠᠯᠠᠩ ᠲᠠᠢ ᠠᠮᠢᠳᠤᠷᠠᠭᠤᠯᠬᠤ ᠶᠢ ᠵᠣᠷᠢᠵᠠᠢ᠃ ᠭᠡᠬᠦ ᠳᠤ ᠠᠪᠤ ᠮᠢᠨᠢ᠄ ︽ᠢᠩᠭᠢᠵᠦ ᠠᠵᠢᠯ ᠦᠭᠡᠢ ᠰᠠᠭᠤᠵᠤ ᠪᠣᠯᠬᠤ ᠦᠭᠡᠢ᠂ ᠶᠣᠰᠣᠲᠠᠢ ᠬᠤᠷᠢᠭᠳᠠᠯ ᠳᠤ ᠣᠷᠣᠯ᠎ᠠ᠂ ᠪᠠᠷᠢᠨ ᠬᠥᠳᠡᠭᠡ ᠪᠠᠨ ᠭᠠᠷᠴᠤ ᠮᠠᠯ ᠳᠡᠭᠡᠷ᠎ᠡ ᠪᠠᠨ ᠣᠴᠢᠬᠤ ᠶᠤᠮᠰᠠᠨ︾ ᠭᠡᠵᠤ ᠦᠷᠭᠦᠯᠵᠢ ᠶᠠᠷᠢᠳᠠᠭ ᠪᠣᠯᠵᠤ᠂ ᠰᠥᠨᠢ ᠰᠥᠨᠢ ᠵᠡᠭᠦᠳᠦᠯᠡᠬᠦ ᠳᠡᠭᠡᠨ ︽ᠬᠡᠨ ᠲᠠᠢ ᠬᠤᠨᠢᠨ ᠳᠤ ᠶᠠᠪᠤᠵᠤ᠂ ᠬᠡᠨ ᠎ ᠤ ᠬᠤᠨᠢ ᠲᠠᠷᠭᠤ ᠮᠠᠭᠤ ᠪᠠᠶᠢᠨ᠎ᠠ︾ ᠭᠡᠵᠦ᠂ ᠪᠦᠷ ᠰᠡᠭᠦᠯ ᠳᠡᠭᠡᠨ ᠰᠥᠨᠢ ᠡᠳᠦᠷ ᠢᠯᠭᠠᠬᠤ ᠦᠭᠡᠢ ᠵᠡᠭᠦᠳᠦ ᠪᠠᠷ ᠎ ᠢᠶᠠᠨ ᠬᠠᠰᠬᠢᠷᠤᠨ ᠪᠣᠰᠴᠤ᠂ ᠪᠤᠰᠤᠳ ᠢ ᠠᠮᠠᠷᠠᠭᠤᠯᠬᠤ ᠦᠭᠡᠢ᠂ ᠮᠣᠷᠢ ᠪᠠᠨ ᠲᠠᠰᠢᠭᠤᠷᠳᠠᠵᠤ ᠪᠠᠶᠢᠨ᠎ᠠ ᠭᠡᠳ ᠪᠠᠶᠢᠰᠢᠩ ᠤᠨ ᠬᠡᠷᠡᠮ ᠳᠤ ᠭᠠᠷ ᠢᠶᠠᠨ ᠰᠢᠯᠪᠤᠯᠤᠭᠰᠠᠨ ᠤᠴᠢᠷ ᠴᠦ ᠭᠠᠷᠴᠠᠢ᠃   ᠬᠡᠦᠬᠡᠳ ᠤᠳ ᠨᠢ ᠵᠥᠪᠳᠡᠯᠴᠡᠵᠦ ᠨᠢᠭᠡ ᠲᠤᠭᠤᠯ ᠲᠠᠢ ᠦᠨᠢᠶ᠎ᠡ ᠬᠥᠳᠡᠭᠡᠨ ᠠᠴᠠ ᠠᠪᠴᠢᠷᠠᠪᠠ᠃ ᠡᠪᠦᠭᠡᠨ ᠬᠥᠭᠰᠢᠨ ᠬᠤᠶᠠᠷ ᠠᠵᠢᠯ ᠲᠠᠢ ᠪᠣᠯᠵᠤ ᠲᠡᠭᠦᠨ ᠲᠠᠢ ᠪᠠᠨ ᠵᠢᠭᠤᠷᠠᠯᠳᠤᠭᠰᠠᠭᠠᠷ ᠨᠢᠭᠡ ᠵᠢᠯ ᠪᠣᠯᠪᠠ᠃ ᠭᠡᠪᠡᠴᠦ 1980 ᠣᠨ ᠳᠤ ᠰᠡᠭᠦᠯ ᠤᠨ ᠬᠥᠭᠰᠢᠨ ᠨᠢ 72 ᠨᠠᠰᠤᠲᠠᠢ ᠡᠪᠡᠳᠴᠢᠨ ᠢᠶᠠᠷ ᠨᠠᠰᠤ ᠪᠠᠷᠠᠪᠠ᠃ ᠲᠡᠭᠡᠭᠡᠳ ᠬᠤᠲᠠ ᠎ ᠳᠤ ᠰᠠᠭᠤᠵᠤ ᠴᠢᠳᠠᠬᠤ ᠦᠭᠡᠢ ᠪᠣᠯᠵᠤ᠂ ᠭᠠᠯᠪᠠᠷ ᠰᠤᠮᠤᠨ ᠳᠤ ᠪᠠᠶᠢᠬᠤ ᠬᠤᠶᠠᠳᠤᠭᠠᠷ ᠬᠦᠦ ᠶᠢᠨ ᠳᠡᠭᠡᠨ ᠬᠥᠳᠡᠭᠡ ᠮᠠᠯ ᠤᠨ ᠳᠡᠷᠭᠡᠳᠡ ᠣᠴᠢᠪᠠ᠃ 1981 ᠣᠨ ᠤ ᠨᠠᠮᠤᠷ ᠤᠨ ᠰᠠᠶᠢᠬᠠᠨ ᠤᠯᠠᠷᠢᠯ ᠳᠤ ᠣᠳᠬᠤᠨ ᠬᠦᠦ ᠶᠢᠨ ᠳᠡᠭᠡᠨ ᠤᠤᠯ ᠤᠨ ᠭᠠᠯᠪᠠᠷ ᠰᠤᠮᠤᠨ ᠤ ᠲᠥᠪ ᠴᠠᠭᠠᠨ ᠪᠠᠯᠭᠠᠰᠤᠨ ᠳᠤ 77 ᠨᠠᠰᠤᠲᠠᠢ ᠲᠠᠭᠠᠯᠠᠯ ᠪᠣᠯᠪᠠ᠃   ᠢᠢᠮᠦ ᠨᠢᠭᠡᠨ ᠥᠴᠥᠬᠡᠨ ᠮᠣᠩᠭᠤᠯ ᠬᠦᠦ᠂ ᠢᠢᠮᠦ ᠨᠢᠭᠡᠨ ᠠᠭᠤᠤ ᠶᠡᠭᠡ ᠡᠴᠢᠭᠡ᠂ ᠢᠢᠮᠦ ᠨᠢᠭᠡᠨ ᠨᠠᠰᠤᠨ ᠲᠤᠷᠰᠢ ᠮᠠᠯ ᠮᠠᠯᠵᠢᠭᠰᠠᠨ ᠶᠣᠰᠣᠲᠠᠢ ᠮᠠᠯᠴᠢᠨ ᠬᠥᠮᠥᠨ ᠤ ᠲᠡᠦᠬᠡ ᠦᠨᠳᠦᠷᠯᠡᠪᠡᠴᠦ᠂ ᠲᠡᠭᠦᠨ ᠤ ᠨᠢᠭᠡ ᠨᠠᠰᠤᠨ ᠤ ᠠᠮᠢᠳᠤᠷᠠᠯ ᠤᠨ ᠰᠤᠷᠭᠠᠮᠵᠢ ᠲᠤᠷᠰᠢᠯᠭ᠎ᠠ ᠨᠢ ᠬᠤᠶᠢᠴᠢ ᠶᠢᠨ ᠬᠦᠮᠦᠰ ᠲᠤ ᠶᠠᠭᠤ ᠨᠢᠭᠡᠨ ᠢ ᠢᠮᠠᠭᠲᠠ ᠰᠠᠨᠠᠭᠤᠯᠤᠨ ᠦᠬᠦᠯᠡᠬᠦ ᠪᠤᠯᠤᠨ᠎ᠠ᠃                                           2006 ᠣᠨ ᠤ 8 ᠰᠠᠷ᠎ᠠ ᠶᠢᠨ 4᠎ ᠤ ᠡᠳᠦᠷ  
 
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠭᠠᠵᠠᠷ ᠤᠰᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号