ᠲᠤᠰ ᠲᠤᠰ ᠰᠠᠶᠢᠨ ᠵᠢᠷᠤᠮ ᠢ ᠬᠢᠴᠢᠶᠡᠯᠭᠡᠬᠦ ᠲᠦᠴᠢᠨ ᠲᠡᠷᠢᠭᠦᠨ ᠪᠢᠴᠢᠭ
ᠨᠡᠶᠢᠲᠡᠯᠡᠭᠰᠡᠨ ᠴᠠᠭ᠄
2017-07-31
          ᠲᠤᠰ ᠲᠤᠰ ᠰᠠᠶᠢᠨ ᠵᠢᠷᠤᠮ ᠢ ᠬᠢᠴᠢᠶᠡᠯᠭᠡᠬᠦ ᠲᠦᠴᠢᠨ ᠲᠡᠷᠢᠭᠦᠨ ᠪᠢᠴᠢᠭ   ᠡᠩᠬᠡ ᠡᠷᠳᠡᠮᠲᠦ ᠶᠢᠨ ᠳᠦᠷᠪᠡᠳᠦᠭᠡᠷ ᠤᠨ ︵1937 ᠤᠨ︶᠎ ᠤ ᠠᠷᠪᠠᠨ ᠨᠢᠭᠡᠨ ᠰᠠᠷᠠᠶᠢᠨ ᠵᠢᠷᠭᠤᠭᠠᠨ ᠤ ᠡᠳᠦᠷ    ᠲᠤᠰ ᠲᠤᠰ ᠰᠠᠶᠢᠨ ᠵᠢᠷᠤᠮ ᠢ ᠬᠢᠴᠢᠶᠡᠯᠭᠡᠬᠦ ᠲᠡᠷᠢᠭᠦᠨ ᠪᠢᠴᠢᠭ    ᠲᠡᠷᠢᠭᠦᠨ ᠳᠤᠷ ᠲᠦᠰᠢᠮᠡᠳ ᠪᠤᠯᠪᠠᠰᠤ ᠤᠭ ᠲᠤᠷ ᠨᠤᠮᠤᠬᠠᠨ ᠲᠦᠯᠭᠡᠨ ᠪᠤᠯᠤᠭᠲᠤᠨ᠂ ᠵᠠᠭᠤᠨ ᠤᠪᠤᠭ ᠢ ᠠᠷᠢᠭᠤᠨ ᠪᠠᠷᠢᠭᠰᠠᠨ ᠬᠠᠭᠠᠨ ᠤ ᠪᠡᠶᠢᠰᠡ ᠳᠤᠷ ᠰᠢᠳᠤᠷᠭᠤ ᠪᠠᠷ ᠭᠦᠢᠴᠡᠳᠭᠡ᠃    ᠬᠤᠶᠠᠳᠤᠭᠠᠷ ᠲᠤᠷ ᠢᠷᠭᠡᠴᠦᠳ ᠪᠤᠯᠪᠠᠰᠤ ᠤᠷᠢᠳᠠ ᠠᠯᠪᠠᠨ ᠭᠤᠪᠴᠢᠭᠤᠷ ᠢ ᠪᠡᠶᠡᠨ ᠳᠤᠷ ᠬᠦᠯᠢᠶᠡ᠂ ᠦᠪᠡᠷ ᠦᠪᠡᠷᠦᠨ ᠴᠠᠭᠠᠵᠠ ᠵᠠᠰᠠᠭ ᠢ ᠳᠠᠭᠠᠪᠠᠰᠤ ᠡᠷᠡᠭᠦᠦ ᠬᠤᠤᠷ ᠠᠴᠠ ᠤᠯᠵᠤ ᠬᠡᠯᠲᠦᠷᠢᠮᠦᠢ᠃    ᠭᠤᠷᠪᠠᠳᠤᠭᠠᠷ ᠲᠤᠷ ᠡᠴᠢᠭᠡᠰ ᠪᠤᠯᠪᠠᠰᠤ ᠬᠦᠪᠡᠭᠦᠳ ᠢ ᠰᠠᠶᠢᠨ ᠵᠢᠷᠤᠮ ᠢᠶᠠᠷ ᠰᠤᠷᠭ᠎ᠠ᠂ ᠳᠠᠪᠰᠢᠪᠠᠰᠤ ᠰᠠᠶᠢᠨ ᠎ ᠳᠤᠷ ᠵᠤᠭᠰᠤᠷ᠎ᠠ ᠤᠳᠤᠮᠤᠢ᠂ ᠪᠠᠭᠤᠷᠠᠪᠠᠰᠤ ᠭᠡᠷ ᠢ ᠰᠠᠬᠢᠮᠤᠢ᠃    ᠳᠦᠷᠪᠡᠳᠦᠭᠡᠷ ᠲᠤᠷ ᠦᠨᠢᠷ ᠪᠤᠯᠪᠠᠰᠤ ᠬᠦᠪᠡᠭᠦᠳ ᠢ ᠡᠨᠡᠷᠢ ᠬᠡᠮᠡᠨ ᠦᠷᠦᠰᠢᠶᠡᠬᠦᠢ ᠢᠨᠦ ᠤᠭ ᠰᠡᠳᠭᠢᠯ ᠢᠶᠠᠷ ᠪᠤᠯᠤᠭᠲᠤᠨ᠂ ᠶᠡᠭᠡ ᠪᠠᠭ᠎ᠠ ᠶᠢ ᠢᠯᠭᠠᠬᠤ ᠦᠭᠡᠢ ᠪᠤᠯᠪᠠᠰᠤ ᠭᠡᠷᠦᠨ ᠬᠤᠲᠠᠯᠠᠭᠠᠷ ᠲᠤ ᠦᠪᠡᠰᠦᠪᠡᠨ ᠨᠠᠶᠢᠷᠲᠠᠢ ᠪᠠᠷ ᠪᠤᠯᠤᠮᠤᠢ᠃    ᠲᠠᠪᠤᠳᠤᠭᠠᠷ ᠲᠤᠷ ᠡᠷᠡᠴᠦᠳ ᠪᠤᠯᠪᠠᠰᠤ ᠭᠡᠷ ᠲᠤᠷ ᠤᠭ ᠬᠡᠪ ᠢᠶᠠᠷ ᠪᠤᠯᠤᠭᠲᠤᠨ᠂ ᠡᠬᠡᠨᠡᠷᠦᠨ ᠦᠭᠡ ᠶᠢ ᠪᠤᠤ ᠠᠪᠠᠴᠢᠭᠲᠤᠨ᠂ ᠡᠷ᠎ᠡ ᠶᠢᠨ ᠬᠡᠯᠬᠢᠶ᠎ᠡ ᠶᠢ ᠲᠦᠪᠯᠡ᠃    ᠵᠢᠷᠭᠤᠳᠤᠭᠠᠷ ᠲᠤᠷ ᠡᠬᠡᠨᠡᠷ ᠤᠳ ᠪᠤᠯᠪᠠᠰᠤ ᠠᠬᠠᠰ ᠤᠨ ᠦᠭᠡ ᠶᠢ ᠰᠠᠶᠢᠨ ᠢᠶᠠᠷ ᠬᠢᠴᠢᠶᠡᠩᠭᠦᠶᠢᠯᠡ᠂ ᠮᠠᠭᠤ ᠪᠤᠷᠤᠭᠤ ᠶᠢ ᠪᠤᠤ ᠮᠠᠭᠤᠰᠢᠶᠠᠭᠲᠤᠨ᠂ ᠬᠢᠴᠢᠶᠡᠩᠭᠦᠢ ᠪᠠᠷ ᠭᠡᠷ ᠢ ᠰᠠᠬᠢᠨ ᠠᠭᠲᠤᠨ᠃    ᠳᠤᠯᠤᠳᠤᠭᠠᠷ ᠲᠤᠷ ᠠᠬ᠎ᠠ ᠨᠠᠷ ᠪᠤᠯᠪᠠᠰᠤ ᠲᠡᠭᠦᠨᠡᠷ ᠢ ᠰᠠᠶᠢᠨ ᠵᠢᠷᠤᠮ ᠢᠶᠠᠷ ᠦᠷᠦᠰᠢᠶᠡ᠂ ᠪᠠᠭ᠋ᠠᠨ ᠪᠤᠷᠤᠭᠤ ᠶᠢ ᠪᠤᠤ ᠰᠢᠬᠦᠮᠵᠢᠯᠡᠭᠲᠦᠨ᠂ ᠠᠯᠢᠪᠠ ᠶᠠᠭᠤᠮ᠎ᠠ ᠶᠢ ᠨᠢᠭᠡᠳᠭᠡ᠃    ᠨᠠᠢᠮᠠᠳᠤᠭᠠᠷ ᠲᠤᠷ ᠳᠡᠭᠦᠨᠡᠷ ᠪᠤᠯᠪᠠᠰᠤ ᠠᠬ᠎ᠠ ᠨᠠᠷ ᠢ ᠰᠢᠳᠤᠷᠭᠤ ᠪᠠᠷ ᠬᠢᠴᠢᠶᠡᠩᠭᠦᠶᠢᠯᠡ᠂ ᠠᠯᠢᠪᠠ ᠦᠢᠯᠡᠳᠪᠦᠷᠢ ᠎ ᠶᠢ ᠪᠠᠶᠠᠨ ᠳᠤᠷ ᠬᠦᠯᠢᠶᠡ᠂ ᠪᠤᠯᠭᠤᠮᠵᠢᠯᠠ᠂ ᠪᠤᠤ ᠲᠦᠷᠢᠮᠡᠭᠡᠶᠢᠯᠡᠭᠲᠦᠨ᠃    ᠶᠢᠰᠦᠳᠦᠭᠡᠷ ᠲᠤᠷ ᠬᠦᠪᠡᠭᠦᠳ ᠪᠤᠯᠪᠠᠰᠤ ᠡᠴᠢᠭᠡ ᠡᠬᠡ ᠳᠤᠷ ᠨᠡᠶᠢᠯᠡᠭᠦᠯᠦᠨ ᠡᠯᠪᠡᠷᠢᠯᠡ᠂ ᠴᠢᠳᠠᠬᠤ ᠴᠢᠨᠡᠭᠡ ᠪᠠᠷ ᠴᠢᠩ ᠬᠡᠮᠡᠨ ᠵᠢᠳᠭᠦᠵᠦ ᠰᠠᠶᠢᠨ ᠶᠠᠭᠤᠮ᠎ᠠ ᠪᠠᠷ ᠪᠠᠶᠠᠷᠯᠠᠭᠤᠯ᠃    ᠠᠷᠪᠠᠳᠤᠭᠠᠷ ᠲᠤᠷ ᠪᠠᠷᠢᠶᠡᠳ ᠪᠤᠯᠪᠠᠰᠤ ᠪᠡᠷᠬᠡᠨ ᠳᠡᠭᠦᠦ ᠪᠡᠷᠢ ᠶᠢᠨ ᠲᠤᠳᠤᠷ᠎ᠠ ᠬᠠᠷᠢᠯᠴᠠᠨ ᠬᠢᠴᠢᠶᠡᠩᠭᠦᠶᠢᠯᠡ᠂ ᠪᠤᠤ ᠠᠲᠠᠭᠠᠷᠬᠠᠭᠲᠤᠨ᠂ ᠨᠠᠶᠢᠷᠲᠠᠢ ᠪᠠᠷ ᠭᠡᠷᠦᠨ ᠬᠤᠲᠠᠯᠠᠭᠠᠷ ᠲᠤᠷ ᠨᠢᠭᠡᠳᠭᠡ᠂ ᠡᠭᠦᠷᠢᠳᠡ ᠪᠤᠤ ᠬᠠᠭᠠᠴᠠᠭᠲᠤᠨ᠃     ᠠᠷᠪᠠᠨ ᠴᠡᠭᠡᠷᠯᠡᠯ ᠬᠤᠶᠠᠳᠤᠭᠠᠷ ᠪᠦᠯᠦᠭ    ᠲᠡᠷᠢᠭᠦᠨ ᠳᠤᠷ ᠰᠠᠶᠢᠳ ᠪᠤᠯᠪᠠᠰᠤ ᠮᠤᠷᠢᠨ ᠲᠡᠷᠭᠡᠨ ᠳᠤᠷ ᠰᠠᠭᠤᠵᠤ ᠲᠦᠮᠡᠨ ᠵᠦᠢ ᠶᠢ ᠨᠡᠪᠲᠡᠷᠡᠭᠦᠯ᠂ ᠵᠡᠷᠭᠡ ᠎ ᠠᠴᠠ ᠢᠯᠡᠭᠦᠦ ᠪᠤᠯᠬᠤ ᠶᠢ ᠪᠤᠤ ᠴᠢᠮᠠᠯᠠᠭᠲᠤᠨ᠃    ᠬᠤᠶᠠᠳᠤᠭᠠᠷ ᠲᠤᠷ ᠲᠠᠷᠢᠶᠠᠨ ᠤ ᠬᠦᠮᠦᠨ ᠪᠤᠯᠪᠠᠰᠤ ᠦᠢᠯᠡᠳᠬᠦ ᠴᠠᠭ ᠢ ᠪᠤᠤ ᠵᠦᠷᠢᠴᠡᠭᠲᠦᠨ᠂ ᠵᠤᠪᠠᠮᠤᠢ ᠬᠡᠮᠡᠨ ᠪᠤᠤ ᠡᠮᠢᠶᠡᠯᠴᠡᠭᠲᠦᠨ᠂ ᠡᠮᠢᠶᠡᠯᠴᠡᠬᠦ ᠦᠭᠡᠢ ᠪᠤᠯᠪᠠᠰᠤ ᠬᠡᠪᠡᠯᠢ ᠳᠤᠷ ᠤᠯᠵᠤ ᠴᠢᠳᠠᠮᠤᠢ᠃    ᠭᠤᠷᠪᠠᠳᠤᠭᠠᠷ ᠲᠤᠷ ᠤᠷᠠᠴᠤᠳ ᠪᠤᠯᠪᠠᠰᠤ ᠭᠠᠶᠢᠬᠠᠮᠰᠢᠭᠲᠤ ᠨᠠᠷᠢᠨ ᠢ ᠬᠢᠴᠢᠶᠡ᠂ ᠰᠠᠯᠠᠩ ᠳᠤᠷ ᠰᠤᠷᠭᠠᠵᠤ ᠰᠡᠯᠪᠢᠨ ᠵᠠᠰᠠᠭᠲᠤᠨ᠂ ᠵᠠᠯᠬᠠᠭᠤ ᠤᠰᠤᠯ ᠢ ᠪᠤᠤ ᠨᠡᠮᠡᠭᠲᠦᠨ᠃    ᠳᠦᠷᠪᠡᠳᠦᠭᠡᠷ ᠲᠤᠷ ᠬᠤᠳᠠᠯᠳᠤᠭᠠᠨ ᠤ ᠬᠦᠮᠦᠨ ᠪᠤᠯᠪᠠᠰᠤ ᠠᠰᠢᠭ ᠤᠯᠬᠤ ᠶᠢᠨ ᠲᠤᠯᠠ ᠬᠤᠯᠠ ᠭᠠᠵᠠᠷ ᠲᠤ ᠤᠳᠪᠠᠰᠤ ᠦᠩᠭᠡ ᠳᠠᠷᠠᠰᠤᠨ ᠳᠤᠷ ᠪᠤᠤ ᠤᠷᠤᠭᠲᠤᠨ᠂ ᠭᠡᠷᠦᠨ ᠰᠠᠨᠠᠭ᠎ᠠ ᠶᠢ ᠪᠤᠤ ᠵᠦᠷᠢᠴᠡᠭᠲᠦᠨ᠃    ᠲᠠᠪᠤᠳᠤᠭᠠᠷ ᠲᠤᠷ ᠤᠷᠤᠭ ᠡᠯᠢᠭᠡᠨ ᠪᠤᠯᠪᠠᠰᠤ ᠤᠳᠬᠤ ᠢᠷᠡᠬᠦ ᠶᠤᠰᠤᠨ ᠢ ᠪᠤᠤ ᠠᠩᠭᠢᠵᠢᠷᠠᠭᠲᠤᠨ᠂ ᠠᠰᠢᠭ ᠢ ᠪᠤᠤ ᠴᠢᠮᠠᠯᠠᠭᠲᠤᠨ᠂ ᠠᠰᠢᠭ ᠢ ᠴᠢᠮᠠᠯᠠᠪᠠᠰᠤ ᠤᠷᠤᠭ ᠡᠯᠢᠭᠡᠨ ᠠᠯᠠᠭ᠎ᠠ ᠪᠤᠯᠤᠮᠤᠢ᠃    ᠵᠢᠷᠭᠤᠳᠤᠭᠠᠷ ᠲᠤᠷ ᠭᠠᠴᠠᠭ᠎ᠠ ᠬᠦᠢ ᠶᠢᠨ ᠲᠤᠳᠤᠷ᠎ᠠ ᠬᠠᠷᠢᠯᠴᠠᠨ ᠬᠢᠴᠢᠶᠡᠩᠭᠦᠶᠢᠯᠡ᠂ ᠪᠤᠤ ᠤᠨᠳᠤᠭᠤᠴᠠᠭᠲᠤᠨ᠂ ᠬᠡᠷᠪᠡᠷ ᠵᠤᠪᠠᠯᠠᠩ ᠭᠠᠮᠰᠢᠭ ᠲᠤᠷ ᠲᠤᠬᠢᠶᠠᠯᠳᠤᠪᠠᠰᠤ ᠲᠡᠷᠡ ᠴᠢᠮᠠᠳᠤᠷ ᠲᠤᠰᠠᠯᠠᠬᠤ ᠪᠤᠶᠤ᠃    ᠳᠤᠯᠤᠳᠤᠭᠠᠷ ᠲᠤᠷ ᠨᠦᠬᠦᠳ ᠪᠤᠯᠪᠠᠰᠤ ᠪᠠᠲᠤ ᠵᠢᠷᠤᠮ ᠢᠶᠠᠷ ᠢᠨᠠᠭᠯᠠᠨ᠂ ᠢᠨᠠᠭ ᠪᠤᠯᠤᠮᠤᠢ ᠬᠡᠮᠡᠨ ᠪᠤᠤ ᠲᠠᠯ᠎ᠠ ᠬᠠᠷᠠᠵᠤ ᠳᠠᠭᠠᠭᠲᠤᠨ᠂ ᠳᠠᠭᠠᠪᠠᠰᠤ ᠡᠷᠬᠡ ᠦᠭᠡᠢ ᠨᠦᠬᠦᠷᠯᠡᠮᠦᠢ᠃    ᠨᠠᠢᠮᠠᠳᠤᠭᠠᠷ ᠲᠤᠷ ᠪᠤᠭᠤᠯᠴᠤᠳ ᠪᠤᠯᠪᠠᠰᠤ ᠵᠤᠪᠠᠮᠤᠢ ᠬᠡᠮᠡᠨ ᠪᠤᠤ ᠭᠠᠰᠠᠯᠠᠭᠲᠤᠨ᠂ ᠡᠵᠡᠨ ᠤ ᠰᠠᠨᠠᠭ᠎ᠠ ᠶᠢ ᠪᠤᠤ ᠵᠦᠷᠢᠴᠡᠭᠲᠦᠨ᠂ ᠳᠠᠶᠢᠨ ᠬᠦ ᠦᠭᠡᠢ ᠪᠤᠯᠪᠠᠰᠤ ᠡᠮᠦᠰᠬᠦ ᠢᠳᠡᠬᠦ ᠶᠢᠨ ᠲᠤᠯᠠ ᠶᠠᠭᠤᠨ ᠵᠤᠪᠠᠮᠤᠢ᠃    ᠶᠢᠰᠦᠳᠦᠭᠡᠷ ᠲᠤᠷ ᠪᠠᠶᠠᠴᠤᠳ ᠪᠤᠯᠪᠠᠰᠤ ᠵᠠᠷᠯᠠᠯ ᠦᠭᠯᠢᠭᠡ ᠶᠢ ᠳᠡᠭᠡᠷ᠎ᠡ ᠪᠤᠯᠭ᠎ᠠ᠂ ᠳᠠᠶᠢᠨ ᠬᠦ ᠦᠭᠡᠢ ᠪᠤᠯᠪᠠᠰᠤ ᠡᠳ᠋ ᠬᠡᠨ ᠳᠤ ᠦᠯᠡᠭᠡᠬᠦ ᠶᠢ ᠬᠡᠨ ᠮᠡᠳᠡᠬᠦ᠃    ᠠᠷᠪᠠᠳᠤᠭᠠᠷ ᠲᠤᠷ ᠦᠭᠡᠭᠦᠴᠦᠳ ᠪᠤᠯᠪᠠᠰᠤ ᠭᠡᠷ ᠢ ᠮᠠᠭᠤ ᠬᠡᠮᠡᠨ ᠪᠤᠤ ᠵᠢᠭᠰᠢᠭᠦᠷᠭᠡᠭᠲᠦᠨ᠂ ᠦᠭᠡᠭᠦᠦ ᠪᠦᠭᠡᠳ ᠪᠢᠯᠳᠠᠤᠴᠢᠯᠠᠬᠤ ᠦᠭᠡᠢ ᠪᠤᠯᠪᠠᠰᠤ ᠰᠠᠶᠢᠨ ᠬᠦᠮᠦᠨ ᠪᠤᠯᠤᠮᠤᠢ᠃    ᠠᠷᠪᠠᠨ ᠮᠠᠭᠤ ᠶᠢ ᠪᠠᠶᠢᠯᠭᠠᠬᠤ ᠭᠤᠷᠪᠠᠳᠤᠭᠠᠷ ᠪᠦᠯᠦᠭ    ᠲᠡᠷᠢᠭᠦᠨ ᠳᠤᠷ ᠬᠤᠪᠴᠢ ᠬᠤᠳᠠᠯ ᠢ ᠪᠤᠤ ᠰᠤᠷᠤᠭᠲᠤᠨ᠂ ᠰᠤᠷᠪᠠᠰᠤ ᠢᠷᠲᠦ ᠶᠠᠭᠤᠮ᠎ᠠ ᠶᠢ ᠪᠠᠶᠠᠨ ᠳᠤᠷ ᠤᠨᠤᠨ ᠢᠷᠡᠭᠦᠢ ᠶᠢ ᠬᠡᠨ ᠬᠦᠯᠢᠶᠡᠬᠦ᠂ ᠬᠢᠯᠢᠰ ᠦᠭᠡᠢ ᠬᠦᠮᠦᠨ ᠳᠤᠷ ᠬᠤᠤᠷ ᠭᠠᠰᠢᠭᠤᠨ ᠬᠦᠷᠭᠡᠪᠡᠰᠦ ᠳᠡᠭᠡᠳᠦ ᠲᠡᠭᠷᠢ ᠦᠪᠡᠰᠦᠪᠡᠨ ᠲᠤᠳᠤᠷᠬᠠᠢ ᠪᠠᠷ ᠮᠡᠳᠡᠮᠦᠢ᠃    ᠬᠤᠶᠠᠳᠤᠭᠠᠷ ᠲᠤᠷ ᠬᠤᠯᠠᠭᠠᠢ ᠬᠤᠳᠠᠯ ᠢ ᠪᠤᠤ ᠰᠤᠷᠤᠭᠲᠤᠨ᠂ ᠰᠤᠷᠪᠠᠰᠤ ᠡᠷᠬᠡ ᠦᠭᠡᠢ ᠶᠠᠯ᠎ᠠ ᠭᠠᠷᠤᠮᠤᠢ᠂ ᠡᠷᠡᠭᠦᠦ ᠬᠦᠩᠬᠡᠨ ᠪᠤᠯᠪᠠᠰᠤ ᠤᠯᠵᠤ ᠬᠡᠯᠲᠦᠷᠢᠮᠦᠢ᠂ ᠡᠷᠡᠭᠦᠦ ᠬᠦᠨᠳᠦ ᠪᠤᠯᠪᠠᠰᠤ ᠴᠠᠭᠠᠵᠠ ᠵᠠᠰᠠᠭ ᠠᠴᠠ ᠬᠡᠯᠲᠦᠷᠢᠬᠦᠢ ᠢᠨᠦ ᠪᠡᠷᠬᠡ᠃    ᠭᠤᠷᠪᠠᠳᠤᠭᠠᠷ ᠲᠤᠷ ᠤᠵᠢᠳ ᠨᠠᠭᠠᠳᠤᠮ ᠢ ᠪᠤᠤ ᠰᠤᠷᠤᠭᠲᠤᠨ᠂ ᠰᠤᠷᠪᠠᠰᠤ ᠭᠡᠷ ᠡᠷᠦᠬᠡ ᠪᠠᠷᠠᠭᠳᠠᠮᠤᠢ᠂ ᠳᠠᠭᠠᠷᠠᠬᠤ ᠦᠯᠪᠡᠷᠡᠭᠦᠢ ᠳᠤᠷ ᠬᠦᠷᠦᠮᠦᠢ᠂ ᠡᠮ᠎ᠡ ᠬᠦᠪᠡᠭᠦᠳ ᠭᠠᠰᠠᠯᠠᠮᠤᠢ᠂ ᠡᠳ᠋ ᠠᠪᠤᠭᠤᠯᠪᠠᠰᠤ ᠨᠢᠳᠦᠨ ᠤ ᠨᠢᠯᠪᠤᠰᠤ ᠪᠠᠷᠠᠭᠳᠠᠮᠤᠢ᠃    ᠳᠦᠷᠪᠡᠳᠦᠭᠡᠷ ᠲᠤᠷ ᠠᠷᠢᠬᠢ ᠳᠠᠷᠠᠰᠤᠨ ᠳᠤᠷ ᠪᠤᠤ ᠤᠷᠤᠭᠲᠤᠨ᠂ ᠤᠷᠤᠪᠠᠰᠤ ᠰᠤᠭᠲᠤᠵᠤ᠂ ᠳᠠᠮᠠᠢ ᠠᠭᠰᠤᠮᠨᠠᠪᠠᠰᠤ ᠪᠡᠶ᠎ᠡ ᠪᠡᠭᠲᠡᠷᠡᠮᠦᠢ᠂ ᠡᠷᠳᠡᠮ ᠡᠪᠳᠡᠷᠡᠮᠦᠢ᠂ ᠨᠢᠳᠦᠨ ᠤ ᠡᠮᠦᠨ᠎ᠡ ᠵᠤᠪᠠᠯᠠᠩ ᠭᠠᠮᠰᠢᠭ ᠬᠦᠷᠴᠦ ᠢᠷᠡᠮᠦᠢ    ᠲᠠᠪᠤᠳᠤᠭᠠᠷ ᠲᠤᠷ ᠦᠩᠭᠡ ᠳᠠᠷᠠᠰᠤᠨ ᠳᠤᠷ ᠪᠤᠤ ᠤᠷᠤᠭᠲᠤᠨ᠂ ᠤᠷᠤᠪᠠᠰᠤ ᠪᠡᠶ᠎ᠡ ᠶᠢ ᠬᠦᠳᠭᠡᠬᠦ ᠵᠢᠳᠡ ᠬᠡᠳᠦᠢ ᠴᠢᠰᠤᠨ ᠢ ᠦᠵᠡᠬᠦ ᠦᠭᠡᠢ ᠪᠤᠯᠪᠠᠴᠤ ᠡᠷᠬᠡ ᠦᠭᠡᠢ ᠠᠮᠢ ᠪᠡᠶ᠎ᠡ ᠮᠦᠬᠦᠮᠦᠢ᠃    ᠵᠢᠷᠭᠤᠳᠤᠭᠠᠷ ᠲᠤᠷ ᠡᠳ᠋ ᠠᠰᠢᠭ ᠢ ᠪᠤᠤ ᠴᠢᠮᠠᠯᠠᠭᠲᠤᠨ᠂ ᠬᠦᠮᠦᠨ ᠤ ᠰᠡᠳᠭᠢᠯ ᠬᠡᠮᠵᠢᠶ᠎ᠡ ᠦᠭᠡᠢ᠂ ᠪᠢᠳᠡᠨ ᠤ ᠪᠠᠶᠠᠨ ᠦᠭᠡᠭᠦᠦ ᠢᠨᠦ ᠲᠦᠷᠦᠬᠦᠢ ᠢᠨᠦ ᠴᠦᠮ ᠲᠡᠭᠷᠢ ᠶᠢᠨ ᠬᠤᠪᠢ ᠵᠠᠪᠰᠢᠶᠠᠨ ᠠᠨᠤ ᠪᠤᠯᠠᠢ᠃    ᠳᠤᠯᠤᠳᠤᠭᠠᠷ ᠲᠤᠷ ᠬᠦᠴᠦᠨ ᠳᠤᠷ ᠪᠤᠤ ᠡᠷᠡᠮᠡᠰᠢᠭᠲᠦᠨ᠂ ᠴᠠᠭᠠᠵᠠ ᠵᠠᠰᠠᠭ ᠲᠤᠷ ᠠᠪᠠᠴᠢᠪᠠᠰᠤ ᠲᠡᠷᠡ ᠴᠢᠨᠦ ᠲᠦᠷᠢᠮᠡᠭᠡᠢ ᠳᠤᠷ ᠠᠶᠤᠬᠤ ᠪᠤᠶᠤ᠂ ᠬᠦᠯᠢᠴᠡᠨ ᠪᠦᠬᠦᠢ ᠳᠤᠷ ᠬᠦᠷᠬᠦ ᠦᠭᠡᠢ᠃    ᠨᠠᠢᠮᠠᠳᠤᠭᠠᠷ ᠲᠤᠷ ᠵᠠᠯᠬᠠᠭᠤ ᠤᠰᠤᠯ ᠢ ᠪᠤᠤ ᠨᠡᠮᠡᠭᠲᠦᠨ᠂ ᠨᠢᠭᠡᠨ ᠦᠢᠯᠡᠳᠪᠦᠷᠢ ᠳᠤᠷ ᠵᠠᠯᠬᠠᠭᠤᠷᠠᠨ ᠤᠰᠤᠯᠳᠠᠪᠠᠰᠤ ᠵᠠᠭᠤᠨ ᠦᠢᠯᠡᠳᠪᠦᠷᠢ ᠴᠦᠮ ᠰᠠᠭᠠᠲᠤᠭᠳᠠᠮᠤᠢ᠃    ᠶᠢᠰᠦᠳᠦᠭᠡᠷ ᠲᠤᠷ ᠪᠢᠲᠡᠭᠦᠦ ᠨᠠᠷᠢᠨ ᠢ ᠪᠤᠤ ᠪᠤᠯᠤᠭᠲᠤᠨ᠂ ᠢᠯᠡᠷᠬᠡᠶᠢᠯᠡᠭᠰᠡᠨ ᠳᠤ ᠶᠠᠭᠠᠬᠢᠮᠤᠢ᠂ ᠪᠢᠳᠡᠨ ᠤ ᠪᠠᠶᠠᠨ ᠡᠷᠬᠢᠮ ᠠᠵᠤ ᠲᠦᠷᠦᠬᠦᠢ ᠢᠨᠦ ᠰᠠᠯᠬᠢᠨ ᠤ ᠲᠤᠳᠤᠷ᠎ᠠ ᠵᠤᠯᠠ᠂ ᠤᠰᠤᠨ ᠤ ᠲᠤᠳᠤᠷ᠎ᠠ ᠴᠠᠰᠤ ᠮᠡᠲᠦ ᠪᠤᠯᠠᠢ᠃    ᠠᠷᠪᠠᠳᠤᠭᠠᠷ ᠲᠤᠷ ᠮᠠᠭᠤ ᠶᠢ ᠪᠤᠤ ᠬᠤᠷᠢᠶᠠᠭᠲᠤᠨ᠂ ᠮᠠᠭᠤ ᠶᠢ ᠬᠤᠷᠢᠶᠠᠪᠠᠰᠤ ᠵᠤᠪᠠᠯᠠᠩ ᠢᠯᠡᠭᠦᠦ ᠪᠤᠯᠤᠮᠤᠢ᠂ ᠰᠠᠶᠢᠨ ᠢ ᠬᠤᠷᠢᠶᠠᠪᠠᠰᠤ ᠵᠢᠷᠭᠠᠯ ᠶᠡᠬᠡᠳᠡ ᠪᠤᠯᠤᠮᠤᠢ᠃    ᠠᠷᠪᠠᠨ ᠬᠡᠷᠡᠭᠲᠦ ᠳᠦᠷᠪᠡᠳᠦᠭᠡᠷ ᠪᠦᠯᠦᠭ    ᠲᠡᠷᠢᠭᠦᠨ ᠳᠤᠷ ᠠᠮᠢ ᠪᠡᠶ᠎ᠡ ᠶᠢ ᠬᠦᠨᠳᠦᠳᠭᠡ᠂ ᠡᠭᠦᠨᠴᠡ ᠡᠷᠬᠢᠮ ᠢᠨᠦ ᠦᠭᠡᠢ᠂ ᠪᠡᠶ᠎ᠡ ᠪᠠᠨ ᠬᠦᠩᠭᠡᠯᠡᠨ ᠭᠡᠭᠡᠪᠡᠰᠦ ᠲᠦᠮᠡᠨ ᠯᠠᠩ ᠤᠨ ᠠᠯᠲᠠ ᠮᠦᠩᠭᠦ ᠠᠭᠰᠠᠨ ᠬᠡᠮᠡᠭᠰᠡᠨ ᠬᠡᠮᠡᠨ ᠶᠠᠮᠪᠠᠷ ᠬᠡᠷᠡᠭ᠃    ᠬᠤᠶᠠᠳᠤᠭᠠᠷ ᠲᠤᠷ ᠰᠠᠶᠢᠨ ᠰᠡᠳᠭᠢᠯ ᠢ ᠪᠠᠷᠢ᠂ ᠰᠢᠳᠤᠷᠭᠤ ᠲᠦᠪᠰᠢᠨ ᠢᠶᠠᠷ ᠪᠤᠯᠤᠭᠲᠤᠨ᠂ ᠮᠠᠭᠤ ᠶᠢ ᠪᠤᠤ ᠡᠭᠦᠰᠭᠡᠭᠲᠦᠨ᠂ ᠮᠠᠭᠤ ᠶᠢ ᠡᠭᠦᠰᠭᠡᠪᠡᠰᠦ ᠲᠡᠭᠷᠢ ᠶᠢᠨ ᠭᠠᠰᠠᠯᠠᠩ ᠠᠴᠠ ᠬᠡᠯᠲᠦᠷᠢᠭᠦᠢ ᠢᠨᠦ ᠪᠡᠷᠬᠡ᠃    ᠭᠤᠷᠪᠠᠳᠤᠭᠠᠷ ᠲᠤᠷ ᠰᠠᠶᠢᠨ ᠬᠦᠮᠦᠨ ᠪᠤᠯᠤᠭᠲᠤᠨ᠂ ᠰᠠᠶᠢᠨ ᠬᠦᠮᠦᠨ ᠪᠤᠯᠬᠤᠢ ᠠᠨᠤ ᠠᠳᠠᠪᠠᠰᠢ ᠪᠡᠷᠬᠡ᠂ ᠡᠳ᠋ ᠢ ᠬᠦᠩᠭᠡᠯᠡᠨ ᠵᠢᠷᠤᠮ ᠢ ᠬᠦᠨᠳᠦᠳᠭᠡ᠂ ᠶᠤᠰᠤ ᠪᠤᠢ ᠠᠪᠠᠰᠤ ᠭᠠᠵᠢᠭᠤ ᠦᠭᠡᠢ ᠪᠤᠯᠤᠮᠤᠢ᠃    ᠳᠦᠷᠪᠡᠳᠦᠭᠡᠷ ᠲᠤᠷ ᠲᠤᠰᠠ ᠬᠢᠬᠦ ᠶᠠᠪᠤᠳᠠᠯ ᠢ ᠶᠠᠪᠤᠭᠲᠤᠨ᠂ ᠲᠤᠰᠠ ᠬᠢᠭᠰᠡᠨ ᠶᠠᠪᠤᠳᠠᠯ ᠶᠡᠬᠡᠳᠡ ᠪᠤᠯᠪᠠᠰᠤ ᠳᠡᠭᠡᠳᠦ ᠲᠡᠭᠷᠢ ᠦᠪᠡᠰᠦᠪᠡᠨ ᠲᠤᠳᠤᠷᠬᠠᠢ ᠪᠠᠷ ᠮᠡᠳᠡᠮᠦᠢ᠃    ᠲᠠᠪᠤᠳᠤᠭᠠᠷ ᠲᠤᠷ ᠦᠪᠡᠷ ᠦᠪᠡᠷᠦᠨ ᠤᠭ ᠬᠤᠪᠢ ᠶᠢ ᠰᠠᠬᠢ᠂ ᠵᠠᠪᠰᠢᠬᠤ ᠶᠢ ᠪᠤᠤ ᠡᠷᠢᠭᠲᠦᠨ᠂ ᠪᠤᠰᠤᠳ ᠬᠦᠮᠦᠨ ᠤ ᠮᠢᠬ᠎ᠠ ᠶᠢ ᠤᠭᠲᠤᠯᠵᠤ ᠪᠡᠶᠡᠨ ᠳᠤᠷ ᠨᠦᠬᠦᠬᠦᠢ ᠢᠨᠦ ᠪᠡᠷᠬᠡ᠃    ᠵᠢᠷᠭᠤᠳᠤᠭᠠᠷ ᠲᠤᠷ ᠲᠡᠭᠷᠢ ᠶᠢᠨ ᠬᠠᠤᠯᠢ ᠶᠢ ᠳᠠᠭ᠎ᠠ᠂ ᠰᠢᠳᠤᠷᠭᠤ ᠲᠦᠪᠰᠢᠨ ᠢᠶᠠᠷ ᠪᠤᠯᠤᠭᠲᠤᠨ᠂ ᠵᠢᠩᠯᠡᠭᠦᠷ ᠢ ᠬᠡᠨ ᠳᠤ ᠪᠤᠤ ᠬᠤᠶᠠᠷᠯᠠᠭᠲᠤᠨ᠂ ᠬᠢᠵᠠᠭᠠᠷᠯᠠᠪᠠᠰᠤ ᠪᠢᠲᠡᠭᠦᠦ ᠬᠦᠮᠦᠨ ᠳᠤᠷ ᠠᠯᠠᠭᠳᠠᠮᠤᠢ᠃    ᠳᠤᠯᠤᠳᠤᠭᠠᠷ ᠲᠤᠷ ᠬᠢᠯᠢᠩ ᠢ ᠬᠦᠯᠢᠴᠡ᠂ ᠬᠦᠯᠢᠴᠡᠨ ᠴᠢᠳᠠᠪᠠᠰᠤ ᠲᠡᠷᠡ᠂ ᠴᠢᠨᠦ ᠰᠠᠶᠢᠨ ᠪᠠᠭᠰᠢ᠂ ᠬᠦᠯᠢᠴᠡᠬᠦ ᠦᠭᠡᠢ ᠪᠤᠯᠪᠠᠰᠤ ᠪᠠᠭ᠎ᠠ ᠶᠠᠯ᠎ᠠ ᠪᠤᠯᠤᠮᠤᠢ᠂ ᠠᠳᠡᠭᠳᠡᠭᠰᠡᠨ ᠬᠤᠶᠢᠨ᠎ᠠ ᠭᠡᠮᠰᠢᠭᠰᠡᠨ ᠬᠡᠮᠡᠨ ᠭᠦᠢᠴᠡᠬᠦ ᠦᠭᠡᠢ ᠪᠤᠯᠤᠮᠤᠢ᠃    ᠨᠠᠢᠮᠠᠳᠤᠭᠠᠷ ᠲᠤᠷ ᠬᠢᠴᠢᠶᠡᠨ ᠬᠤᠷᠢᠭᠯᠠᠭᠲᠤᠨ᠂ ᠳᠡᠮᠠᠢ ᠪᠦᠷᠢᠯᠭᠡᠨ ᠰᠦᠢᠳᠭᠡᠪᠡᠰᠦ ᠪᠤᠯᠬᠤ ᠦᠭᠡᠢ᠂ ᠬᠢᠴᠢᠶᠡᠮᠦᠢ ᠬᠡᠮᠡᠭᠴᠢ ᠪᠡᠶ᠎ᠡ ᠪᠠᠨ ᠪᠠᠶᠢᠭᠤᠯᠬᠤ ᠦᠨᠳᠦᠰᠦᠨ᠂ ᠦᠨᠳᠦᠰᠦ ᠭᠡᠷ ᠢᠶᠠᠨ ᠰᠠᠬᠢᠬᠤ ᠤᠭ ᠪᠤᠯᠠᠢ᠃    ᠶᠢᠰᠦᠳᠦᠭᠡᠷ ᠲᠤᠷ ᠴᠢᠯᠦᠭᠡ ᠶᠢ ᠬᠠᠶᠢᠷᠠᠯᠠᠮᠤᠢ᠂ ᠠᠯᠲᠠ ᠮᠦᠩᠭᠦ ᠠᠭᠰᠠᠨ ᠬᠡᠮᠡᠭᠰᠡᠨ ᠬᠡᠮᠡᠨ ᠪᠤᠤ ᠰᠢᠯᠵᠢᠭᠦᠯᠦᠭᠲᠦᠨ᠂ ᠴᠠᠭ ᠢ ᠦᠩᠭᠡᠷᠡᠪᠡᠰᠦ ᠬᠦᠭᠰᠢᠷᠡᠭᠰᠡᠨ ᠬᠤᠶᠢᠨ᠎ᠠ ᠭᠤᠮᠤᠳᠠᠭᠰᠠᠨ ᠬᠡᠮᠡᠨ ᠭᠦᠢᠴᠡᠬᠦ ᠦᠭᠡᠢ ᠪᠤᠯᠤᠮᠤᠢ᠃    ᠠᠷᠪᠠᠳᠤᠭᠠᠷ ᠲᠤᠷ ᠡᠷᠳᠡᠮ ᠪᠤᠳᠤᠯᠭ᠎ᠠ ᠶᠢ ᠭᠦᠩᠯᠡ ︵ᠭᠦᠨ ᠪᠤᠯᠭ᠎ᠠ︶᠂ ᠪᠤᠤ ᠬᠦᠩᠬᠡᠯᠡᠭᠲᠦᠨ᠂ ᠦᠨᠳᠦᠷ ᠠᠭᠤᠯᠠ ᠶᠢᠨ ᠮᠤᠳᠤ ᠶᠡᠭᠡ ᠳᠠᠯᠠᠢ ᠶᠢᠨ ᠤᠰᠤᠨ ᠤ ᠮᠡᠲᠦ ᠭᠦᠨ ᠪᠤᠯᠤᠭᠲᠤᠨ ᠬᠡᠮᠡᠵᠦᠬᠦᠢ᠃
 
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠭᠠᠵᠠᠷ ᠤᠰᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号